ᠭᠠᠳᠠᠭᠠᠳᠤ ᠶᠢᠨ ᠬᠦᠷᠦᠩᠭᠡ ᠣᠷᠣᠭᠤᠯᠤᠭᠴᠢᠳ ᠲᠤ ︽ᠨᠢᠭᠡ ᠴᠡᠭ ᠦᠨ ᠦᠢᠯᠡᠴᠢᠯᠡᠭᠡᠨ ᠦ ᠲᠥᠪ︾ ᠡᠴᠡ ᠦᠢᠯᠡᠴᠢᠯᠡᠭᠡ ᠦᠵᠡᠭᠦᠯᠳᠡᠭ ᠦᠨᠳᠦᠰᠦᠨ ᠦ ᠬᠥᠭᠵᠢᠯ ᠦᠨ ᠭᠠᠵᠠᠷ᠂ ᠤᠯᠤᠰ ᠤᠨ ᠪᠦᠷᠢᠳᠬᠡᠯ ᠦᠨ ᠶᠡᠷᠦᠩᠬᠡᠢ ᠭᠠᠵᠠᠷ᠂ ᠲᠠᠲᠠᠪᠤᠷᠢ ᠶᠢᠨ ᠶᠡᠷᠦᠩᠬᠡᠢ ᠭᠠᠵᠠᠷ᠂ ᠨᠡᠶᠢᠭᠡᠮ ᠤᠨ ᠳᠠᠭᠠᠳᠬᠠᠯ ᠤᠨ ᠶᠡᠷᠦᠩᠬᠡᠢ ᠭᠠᠵᠠᠷ᠂ ᠭᠠᠳᠠᠭᠠᠳᠤ ᠶᠢᠨ ᠢᠷᠭᠡᠨ᠂ ᠬᠠᠷᠢᠶᠠᠲᠤ ᠶᠢᠨ ᠭᠠᠵᠠᠷ ᠭᠡᠰᠡᠨ ᠲᠠᠪᠤᠨ ᠠᠭᠧᠨᠲᠯᠢᠭ ᠤᠨ ᠤᠳᠤᠷᠢᠳᠤᠯᠭ᠎ᠠ ᠨᠠᠷ ᠡᠭᠡᠯᠵᠢᠲᠦ ᠠᠭᠤᠯᠵᠠᠯᠲᠠ ᠪᠠᠨ ᠬᠢᠵᠡᠢ ᠃ ᠤᠭ ᠠᠭᠤᠯᠵᠠᠯᠲᠠ ᠪᠠᠷ ︽ᠨᠢᠭᠡ ᠴᠡᠭ ᠦᠨ ᠦᠢᠯᠡᠴᠢᠯᠡᠭᠡᠨ ᠦ ᠲᠥᠪ︾᠍ ᠦᠨ ᠰᠡᠭᠦᠯ ᠦᠨ ᠭᠤᠷᠪᠠᠨ ᠰᠠᠷ᠎ᠠ ᠶᠢᠨ ᠠᠵᠢᠯ ᠤᠨ ᠦᠷ᠎ᠡ ᠳ᠋ᠦᠩ ᠂ ᠶᠠᠪᠤᠴᠠ ᠲᠠᠢ ᠲᠠᠨᠢᠯᠴᠠᠵᠤ᠂ ᠴᠢᠨᠠᠭᠰᠢᠳᠠ ᠦᠢᠯᠡᠴᠢᠯᠡᠭᠡ ᠶᠢ ᠢᠯᠡᠭᠦᠦ ᠬᠢᠯᠪᠠᠷᠰᠢᠭᠤᠯᠬᠤ᠂ ᠭᠠᠳᠠᠭᠠᠳᠤ ᠶᠢᠨ ᠬᠥᠷᠥᠩᠭᠡ ᠣᠷᠣᠭᠤᠯᠤᠭᠴᠢ ᠶᠢᠨ ᠲᠣᠳᠣᠷᠬᠠᠶᠢᠯᠠᠯᠲᠠ ᠶᠢ ᠴᠠᠬᠢᠮᠵᠢᠭᠤᠯᠬᠤ ᠲᠠᠯ᠎ᠠ ᠪᠠᠷ ᠰᠠᠨᠠᠯ ᠰᠣᠯᠢᠯᠴᠠᠵᠤ ᠵᠠᠷᠢᠮ ᠠᠰᠠᠭᠤᠳᠠᠯ ᠢ ᠰᠢᠢᠳᠪᠦᠷᠢᠯᠡᠭᠰᠡᠨ ᠪᠠᠶᠢᠨ᠎ᠠ᠃ ᠥᠩᠭᠡᠷᠡᠭᠰᠡᠨ ᠭᠤᠷᠪᠠᠨ ᠰᠠᠷ᠎ᠠ ᠶᠢᠨ ᠬᠤᠭᠤᠴᠠᠭᠠᠨ ᠳᠤ ᠳᠡᠭᠡᠷᠡᠬᠢ ᠲᠠᠪᠤᠨ ᠠᠭᠧᠨᠲᠯᠢᠭ ᠪᠣᠯᠤᠨ ᠪᠠᠩᠬᠢ᠂ ᠨᠣᠲ᠋ᠠᠷᠢᠶᠠᠲ ︵ᠬᠦᠨᠳᠡᠯᠡᠨ ᠡᠴᠡ ᠨᠤᠲᠠᠯᠠᠬᠤ︶᠂ ᠦᠯᠦ ᠬᠥᠳᠡᠯᠬᠦ ᠬᠥᠷᠥᠩᠭᠡ ᠶᠢᠨ ᠵᠦᠪᠯᠡᠯᠭᠡ ᠵᠡᠷᠭᠡ ᠬᠤᠪᠢ ᠶᠢᠨ ᠪᠠᠶᠢᠭᠤᠯᠤᠯᠭ᠎ᠠ ᠨᠤᠭᠤᠳ ᠤᠨ ᠨᠡᠶᠢᠲᠡ 62 ᠲᠥᠷᠥᠯ ᠦᠨ 11608 ᠦᠢᠯᠡᠴᠢᠯᠡᠭᠡ ᠶᠢ ᠬᠥᠷᠥᠩᠭᠡ ᠣᠷᠣᠭᠤᠯᠤᠭᠴᠢᠳ ᠲᠤ ᠵᠣᠷᠢᠭᠤᠯᠤᠨ ᠨᠢᠭᠡ ᠴᠡᠭ ᠡᠴᠡ ᠦᠵᠡᠭᠦᠯᠵᠡᠢ᠃
ᠡᠮᠦᠨ᠎ᠡ ᠨᠢ ᠤᠯᠠᠮᠵᠢᠯᠠᠯᠲᠤ ᠪᠠᠶᠢᠳᠠᠯ ᠢᠶᠠᠷ ᠴᠠᠭᠠᠰᠤ ᠪᠠᠷ ᠡᠷᠭᠦᠳᠡᠯ᠂ ᠮᠠᠲ᠋ᠧᠷᠢᠶᠠᠯ ᠢ ᠬᠦᠯᠢᠶᠡᠨ ᠠᠪᠴᠤ᠂ ᠲᠠᠪᠤᠨ ᠠᠭᠧᠨᠲᠯᠢᠭ ᠤᠨ ᠮᠡᠳᠡᠭᠡᠯᠡᠯ ᠦᠨ ᠰᠢᠰᠲ᠋ᠧᠮ ᠡᠴᠡ ᠬᠦᠮᠦᠨ ᠦ ᠣᠷᠣᠯᠴᠠᠭ᠎ᠠ ᠲᠠᠢ ᠪᠠᠷ ᠮᠡᠳᠡᠭᠡᠯᠡᠯ ᠢ ᠲᠠᠲᠠᠵᠤ᠂ ᠰᠢᠯᠭᠠᠭᠰᠠᠨ ᠤ ᠦᠨᠳᠦᠰᠦᠨ ᠳᠡᠭᠡᠷ᠎ᠡ ᠠᠵᠢᠯ ᠤᠨ ᠭᠤᠷᠪᠠᠨ ᠡᠳᠦᠷ ᠲᠦ ᠣᠯᠭᠣᠭᠳᠠᠳᠠᠭ ᠪᠠᠶᠢᠭᠰᠠᠨ ᠲᠣᠳᠣᠷᠬᠠᠶᠢᠯᠠᠯᠲᠠ ᠶᠢ ᠢᠷᠡᠬᠦ ᠨᠠᠢᠮᠠᠳᠤᠭᠠᠷ ᠰᠠᠷ᠎ᠠ ᠳᠤ ᠪᠠᠭᠲᠠᠭᠠᠨ ᠴᠠᠬᠢᠮ ᠬᠡᠯᠪᠡᠷᠢ ᠳᠦ ᠰᠢᠯᠵᠢᠭᠦᠯᠬᠦ ᠠᠵᠢᠯ ᠢ ᠡᠬᠢᠯᠡᠭᠦᠯᠵᠡᠢ᠃ ᠴᠠᠬᠢᠮ ᠦᠢᠯᠡᠴᠢᠯᠡᠭᠡ ᠠᠰᠢᠭᠯᠠᠯᠲᠠ ᠳᠤ ᠤᠷᠤᠭᠰᠠᠨ ᠢᠶᠠᠷ ᠬᠥᠷᠥᠩᠭᠡ ᠣᠷᠣᠭᠤᠯᠤᠭᠴᠢ ᠪᠡᠶᠡᠴᠢᠯᠡᠨ ᠢᠷᠡᠬᠦ ᠦᠭᠡᠢ ᠪᠡᠷ ᠴᠠᠬᠢᠮ ᠢᠶᠠᠷ ᠲᠣᠳᠣᠷᠬᠠᠶᠢᠯᠠᠯᠲᠠ ᠪᠠᠨ ᠠᠪᠬᠤ ᠨᠥᠬᠥᠴᠡᠯ ᠪᠥᠷᠢᠳᠴᠦ᠂ ᠵᠠᠷᠤᠴᠠᠭᠤᠯᠬᠤ ᠬᠤᠭᠤᠴᠠᠭ᠎ᠠ ᠨᠢ 144 ᠳᠠᠬᠢᠨ ᠪᠠᠭᠠᠰᠴᠦ ᠂ 30 ᠮᠢᠨᠦ᠋ᠲ ᠪᠣᠯᠭᠠᠬᠤ ᠪᠣᠳᠠᠲᠤ ᠨᠥᠬᠥᠴᠡᠯ ᠪᠥᠷᠢᠳᠬᠦ ᠶᠤᠮ ᠪᠠᠶᠢᠨ᠎ᠠ᠃