ᠠᠪᠯᠢᠭ᠎ᠠ ᠲᠠᠢ ᠲᠡᠮᠡᠴᠡᠬᠦ ᠭᠠᠵᠠᠷ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ ᠤᠨ ᠳᠠᠷᠤᠭ᠎ᠠ ᠽ∙ᠡᠩᠬᠡᠪᠣᠯᠤᠳ ᠠᠴᠠ ᠥᠨᠥ ᠥᠷᠯᠥᠭᠡ ︵2019.06.26︶ ᠭᠡᠷᠡᠴᠢ ᠶᠢᠨ ᠮᠡᠳᠡᠭᠦᠯᠭᠡ ᠠᠪᠴᠠᠢ᠃ ᠲᠡᠭᠦᠨ ᠠᠴᠠ ︽ᠡᠷᠳᠡᠨᠢᠲᠦ︾ ᠶᠢᠨ49 ᠬᠤᠪᠢ ᠶᠢ ᠬᠤᠳᠠᠯᠳᠤᠵᠤ ᠠᠪᠤᠭᠰᠠᠨ ᠠᠰᠠᠭᠤᠳᠠᠯ ᠲᠠᠢ ᠬᠣᠯᠪᠣᠭᠳᠠᠭᠤᠯᠤᠨ ᠮᠡᠳᠡᠭᠦᠯᠭᠡ ᠠᠪᠤᠭᠰᠠᠨ ᠪᠠᠶᠢᠨ᠎ᠠ᠃ ᠲᠡᠷᠡ ᠪᠡᠷ ᠥᠪᠡᠷ ᠦᠨfacebook ᠬᠠᠭᠤᠳᠠᠰᠤ ᠳᠤ ᠪᠠᠨ ᠄ ᠶᠡᠷᠦᠩᠬᠡᠢ ᠰᠠᠶᠢᠳ ᠠᠰᠠᠨ ᠴ∙ᠰᠠᠶᠢᠬᠠᠨᠪᠢᠯᠢᠭ᠌ ︽ᠡᠷᠳᠡᠨᠢᠲᠦ︾ ᠶᠢᠨ 49 ᠬᠤᠪᠢ ᠶᠢ ᠠᠪᠬᠤ ᠳᠤ ᠪᠠᠨ ᠲᠤᠬᠠᠢ ᠶᠢᠨ ᠦᠶ᠎ᠡ ᠳᠦ ᠤᠯᠤᠰ ᠤᠨ ᠶᠡᠬᠡ ᠬᠤᠷᠠᠯ ᠤᠨ ᠳᠠᠷᠤᠭ᠎ᠠ ᠪᠠᠷ ᠠᠵᠢᠯᠯᠠᠵᠤ ᠪᠠᠶᠢᠭᠰᠠᠨ ᠨᠠᠮᠠᠶᠢ ᠪᠣᠯᠤᠨ ᠶᠡᠷᠦᠩᠬᠡᠶᠢᠯᠡᠭᠴᠢ ᠠᠰᠠᠨ ᠼ∙ᠡᠯᠪᠡᠭᠳᠣᠷᠵᠢ ᠶᠢ ᠮᠡᠳᠡᠵᠦ ᠪᠠᠶᠢᠭᠰᠠᠨ ᠭᠡᠰᠡᠨ ᠮᠡᠳᠡᠭᠦᠯᠭᠡ ᠥᠭᠭᠦᠭᠰᠡᠨ ᠪᠠᠶᠢᠨ᠎ᠠ᠃ ᠡᠷᠬᠡ ᠮᠡᠳᠡᠯ ᠢᠶᠡᠨ ᠬᠡᠲᠦᠷᠡᠭᠦᠯᠦᠭᠡᠳ ᠤᠯᠤᠰ ᠤᠨ ᠶᠡᠬᠡ ᠬᠤᠷᠠᠯ ᠳᠦ ᠬᠡᠯᠡᠯᠭᠦᠢ ᠪᠡᠷ ᠬᠢᠭᠰᠡᠨ ᠪᠤᠷᠤᠭᠤ ᠲᠠᠢ ᠦᠢᠯᠡ ᠠᠵᠢᠯᠯᠠᠭᠠᠨ ᠳᠤ ᠪᠠᠨ ᠨᠠᠮᠠᠶᠢ ᠬᠠᠨᠢ ᠲᠠᠲᠠᠵᠠᠢ᠃ ᠲᠡᠶᠢᠮᠦ ᠵᠦᠢᠯ ᠪᠠᠶᠢᠬᠤ ᠦᠭᠡᠢ᠃ ᠪᠠᠶᠢᠬᠤ ᠦᠭᠡᠢ ᠭᠡᠳᠡᠭ ᠢᠶᠡᠨ ᠠᠯᠪᠠᠨ ᠶᠣᠰᠣᠭᠠᠷ ᠬᠠᠤᠯᠢ ᠶᠢᠨ ᠳᠠᠭᠠᠤ ᠬᠡᠯᠡᠭᠡᠳ᠂ ᠠᠪᠯᠢᠭ᠎ᠠ ᠲᠠᠢ ᠲᠡᠮᠡᠴᠡᠬᠦ ᠭᠠᠵᠠᠷ ᠠᠴᠠ ᠭᠠᠷᠴᠤ ᠶᠠᠪᠤᠨ᠎ᠠ᠃
︽ᠡᠷᠳᠡᠨᠢᠲᠦ︾ ᠶᠢᠨ 49 ᠬᠤᠪᠢ ᠶᠢ ᠤᠯᠤᠰ ᠤᠨ ᠶᠡᠬᠡ ᠬᠤᠷᠠᠯ ᠳᠦ ᠮᠡᠳᠡᠭᠳᠡᠯ ᠦᠭᠡᠢ ᠠᠪᠤᠭᠰᠠᠨ ᠨᠢ ᠪᠤᠷᠤᠭᠤ᠃ ᠡᠨᠡ ᠬᠡᠷᠡᠭ ᠬᠠᠤᠯᠢ ᠶᠢᠨ ᠳᠠᠭᠠᠤ ᠰᠢᠢᠳᠦᠭᠳᠡᠬᠦ ᠶᠣᠰᠣᠲᠠᠢ ᠭᠡᠰᠡᠨ ᠮᠢᠨᠦ ᠭᠤᠷᠪᠠᠨ ᠵᠢᠯ ᠦᠨ ᠡᠮᠦᠨᠡᠬᠢ ᠪᠠᠶᠢᠷᠢ ᠰᠠᠭᠤᠷᠢ ᠬᠡᠪ ᠢᠶᠡᠷ ᠢᠶᠡᠨ᠃ ᠠᠪᠯᠢᠭ᠎ᠠ ᠲᠠᠢ ᠲᠡᠮᠡᠴᠡᠬᠦ ᠭᠠᠵᠠᠷ ᠤᠨ ᠬᠢᠨ ᠶᠡᠷᠦᠩᠬᠡᠶᠢᠯᠡᠭᠴᠢ ᠠᠰᠠᠨ ᠼ∙ᠡᠯᠪᠡᠭᠳᠣᠷᠵᠢ ᠶᠢ ᠢᠷᠡᠵᠦ ᠮᠡᠳᠡᠭᠦᠯᠭᠡ ᠥᠭ ᠭᠡᠳ ᠪᠠᠶᠢᠭ᠎ᠠ ᠶᠤᠮ ᠪᠠᠶᠢᠨ᠎ᠠ᠃ ᠢᠷᠡᠵᠦ ᠮᠡᠳᠡᠭᠦᠯᠭᠡ ᠪᠡᠨ ᠥᠭᠭᠦᠭᠡᠷᠡᠢ᠃ ᠶᠡᠷᠦ ᠨᠢ ᠪᠣᠯ ︽ᠡᠷᠳᠡᠨᠢᠲᠦ︾ ᠶᠢᠨ49 ᠬᠤᠪᠢ ᠮᠣᠩᠭᠣᠯ ᠳᠤ ᠪᠠᠨ ᠢᠷᠡᠬᠦ ᠨᠢ ᠵᠥᠪ᠃ ᠬᠠᠷᠢᠨ ᠤᠯᠤᠰ ᠨᠢ ᠠᠪᠬᠤ ᠤᠤ᠂ ᠬᠤᠪᠢ ᠶᠢᠨ ᠺᠣᠮᠫᠠᠨᠢ ᠠᠪᠬᠤ ᠤᠤ ᠭᠡᠳᠡᠭ ᠰᠢᠢᠳᠪᠦᠷᠢ ᠶᠢ ᠲᠤᠬᠠᠢ ᠶᠢᠨ ᠦᠶ᠎ᠡ ᠳᠦ ᠤᠯᠤᠰ ᠤᠨ ᠶᠡᠬᠡ ᠬᠤᠷᠠᠯ ᠭᠠᠷᠭᠠᠬᠤ ᠶᠣᠰᠣᠲᠠᠢ ᠪᠠᠶᠢᠭᠰᠠᠨ᠃ ᠲᠤᠬᠠᠢ ᠶᠢᠨ ᠦᠶ᠎ᠡ ᠳᠦ ᠴ∙ᠰᠠᠶᠢᠬᠠᠨᠪᠢᠯᠢᠭ᠌ ᠮᠣᠩᠭᠣᠯ ᠤᠯᠤᠰ ᠤᠨ ᠡᠳ᠋ᠯᠡᠬᠦ ᠶᠣᠰᠣᠲᠠᠢ ᠳᠠᠪᠠᠭᠤ ᠡᠷᠬᠡ ᠶᠢ ᠡᠳ᠋ᠯᠡᠭᠦᠯᠦᠭᠡ ᠦᠭᠡᠢ ᠤᠴᠢᠷ ᠠᠴᠠ ᠣᠳᠣ ᠪᠤᠷᠤᠭᠤᠳᠠᠭᠠᠳ ᠪᠠᠶᠢᠭ᠎ᠠ᠃ ᠲᠡᠭᠦᠨ ᠡᠴᠡ ᠪᠢᠰᠢ ᠵᠠᠷᠤᠭᠰᠠᠨ ᠲᠠᠯ᠎ᠠ ᠪᠣᠯᠬᠤ ᠣᠷᠣᠰ ᠲᠤ ᠪᠤᠷᠤᠭᠤ ᠥᠭᠬᠦ ᠠᠷᠭ᠎ᠠ ᠦᠭᠡᠢ᠃ ᠮᠥᠨ ᠬᠤᠳᠠᠯᠳᠤᠵᠤ ᠠᠪᠤᠭᠰᠠᠨ ᠺᠣᠮᠫᠠᠨᠢ ᠡᠬᠢ ᠡᠭᠦᠰᠪᠦᠷᠢ ᠪᠡᠨ ᠬᠠᠤᠯᠢ ᠶᠢᠨ ᠳᠠᠭᠠᠤ ᠪᠦᠷᠢᠳᠦᠭᠦᠯᠦᠭᠰᠡᠨ ᠪᠣᠯ ᠪᠠᠰᠠ ᠪᠤᠷᠤᠭᠤ ᠭᠡᠬᠦ ᠶᠠᠭᠤᠮ᠎ᠠ ᠠᠯᠠᠭ᠎ᠠ᠃ ᠲᠡᠶᠢᠮᠦ ᠤᠴᠢᠷ ᠠᠴᠠ ᠬᠠᠤᠯᠢ ᠶᠢᠨ ᠬᠢᠨ ᠡᠨᠡ ᠬᠡᠷᠡᠭ ᠦᠨ ᠤᠴᠢᠷ ᠢ ᠤᠯᠬᠤ ᠭᠡᠳ ᠠᠵᠢᠯᠯᠠᠵᠤ ᠪᠠᠶᠢᠭ᠎ᠠ ᠶᠤᠮ ᠪᠠᠶᠢᠨ᠎ᠠ ᠭᠡᠯᠡ᠃