ᠮᠣᠩᠭᠣᠯ ᠤᠨ ᠡᠮᠡᠭᠲᠡᠢ ᠰᠢᠲᠠᠷᠠᠴᠢᠳ ᠡᠨᠡ ᠳᠣᠯᠣᠭ᠎ᠠ ᠬᠣᠨᠣᠭ ᠲᠤ ᠥᠨᠳᠥᠷ ᠠᠮᠵᠢᠯᠲᠠ ᠲᠠᠢ ᠪᠠᠶᠢᠨ᠎ᠠ᠃ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠲᠤ ᠪᠣᠯᠤᠭᠰᠠᠨ ᠨᠠᠰᠤᠨ ᠳᠤ ᠬᠦᠷᠦᠭᠰᠡᠳ ᠦᠨ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠲ∙ᠮᠦᠩᠬᠡᠵᠤᠯᠠ ᠬᠦᠷᠡᠯ ᠮᠧᠳᠠᠯ ᠬᠦᠷᠲᠡᠵᠦ᠂ ᠡᠮᠡᠭᠲᠡᠢ ᠰᠢᠲᠠᠷᠠᠴᠢᠳ ᠠᠴᠠ ᠠᠩᠬᠠᠨ ᠤ ᠲᠢᠪ ᠦᠨ ᠮᠧᠳᠠᠯ ᠢ ᠡᠬᠡ ᠣᠷᠣᠨ ᠳᠤ ᠪᠠᠨ ᠠᠪᠴᠢᠷᠠᠭᠰᠠᠨ᠃ ᠪᠢᠷᠮᠠ ᠤᠯᠤᠰ ᠲᠤ ᠵᠣᠬᠢᠶᠠᠭᠳᠠᠭᠰᠠᠨ ᠵᠡᠭᠦᠨ ᠡᠮᠦᠨᠡᠲᠦ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠡᠬᠡ ᠣᠷᠣᠨ ᠢᠶᠠᠨ ᠲᠥᠯᠥᠭᠡᠯᠡᠨ ᠣᠷᠣᠯᠴᠠᠭᠰᠠᠨ ᠣᠯᠠᠨ ᠤᠯᠤᠰ ᠤᠨ ᠰᠢᠲᠠᠷ᠎ᠠ ᠶᠢᠨ ᠶᠡᠬᠡ ᠮᠠᠰᠲ᠋ᠸᠷ ᠠ᠊∙ ᠡᠩᠬᠡᠲᠤᠤᠯᠠ ᠲᠦᠷᠭᠡᠨ ᠲᠣᠭᠯᠠᠯᠲᠠ ᠶᠢᠨ ᠲᠥᠷᠥᠯ ᠳᠦ ᠲᠦᠷᠦᠭᠦᠯᠡᠪᠡ᠃ ᠲᠡᠷᠡ ᠲᠦᠷᠭᠡᠨ ᠲᠣᠭᠯᠠᠯᠲᠠ ᠶᠢᠨ ᠣᠯᠠᠨ ᠤᠯᠤᠰ ᠤᠨ ᠴᠢᠨᠰᠠᠭ᠎ᠠ ᠪᠠᠨ +11.7 ᠣᠨᠣᠭ᠎ᠠ ᠪᠠᠷ ᠠᠬᠢᠭᠤᠯᠤᠭᠰᠠᠨ ᠪᠠᠶᠢᠨ᠎ᠠ᠃
ᠠ᠊∙ᠡᠩᠬᠡᠲᠤᠤᠯᠠ 2018 ᠣᠨ ᠳᠤ ᠰᠠᠦ᠋ᠳᠢ ᠶᠢᠨ ᠠᠷᠠᠪ ᠤᠯᠤᠰ ᠲᠤ ᠵᠣᠬᠢᠶᠠᠭᠳᠠᠭᠰᠠᠨ ᠡᠮᠡᠭᠲᠡᠶᠢᠴᠦᠳ ᠦᠨ ᠲᠦᠷᠭᠡᠨ ᠲᠣᠭᠯᠠᠯᠲᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠳᠡᠯᠡᠬᠡᠢ ᠶᠢᠨ ︽ᠰᠢᠯᠢᠳᠡᠭ-30︾ ᠰᠢᠲᠠᠷᠠᠴᠢᠳ ᠤᠨ ᠱᠠᠩᠨᠠᠯ ᠠᠪᠴᠤ ᠪᠠᠶᠢᠭᠰᠠᠨ ᠪᠢᠯᠡ᠃