ᠬᠠᠷᠪᠤᠭᠠᠴᠢᠳ ᠤᠨ ᠬᠤᠯᠪᠤᠭᠠᠨ ᠤ ᠲᠡᠷᠢᠭᠦᠯᠡᠭᠴᠢᠳ ᠦᠨ ᠬᠤᠷᠠᠯ ᠢᠶᠠᠷ ᠲᠤᠯᠭᠤᠷ ᠲᠥᠷᠥ ᠶᠢᠨ 2228᠂ ᠶᠡᠬᠡ ᠮᠣᠩᠭᠣᠯ ᠤᠯᠤᠰ ᠤᠨ 813᠂ ᠠᠷᠠᠳ ᠤᠨ ᠬᠤᠪᠢᠰᠬᠠᠯ ᠤᠨ 98 ᠵᠢᠯ ᠦᠨ ᠣᠢ ᠂ ᠦᠨᠳᠦᠰᠦᠨ ᠦ ᠶᠡᠬᠡ ᠪᠠᠶᠠᠷ ᠨᠠᠭᠠᠳᠤᠮ ᠤᠨ ᠬᠠᠷᠪᠤᠭᠠᠨ ᠳᠤ 540 ᠬᠠᠷᠪᠤᠭᠠᠴᠢ ᠣᠷᠤᠯᠴᠠᠭᠤᠯᠬᠤ ᠰᠢᠢᠳᠪᠦᠷᠢ ᠭᠠᠷᠭᠠᠵᠠᠢ᠃ ᠵᠢᠵᠢᠭ ᠲᠠᠯᠠᠪᠠᠢ ᠳᠤ 1000 ᠬᠠᠷᠪᠤᠭᠠᠴᠢ ᠬᠠᠷᠪᠤᠬᠤ ᠨᠢ ᠴᠠᠭ ᠠᠯᠳᠠᠵᠤ᠂ ᠰᠤᠨᠵᠢᠷᠠᠳᠠᠭ᠂ ᠵᠣᠬᠢᠶᠠᠨ ᠪᠠᠶᠢᠭᠤᠯᠬᠤ ᠳᠤ ᠬᠦᠨᠳᠦᠷᠡᠯᠲᠡᠢ ᠪᠠᠶᠢᠳᠠᠭ ᠪᠣᠯᠬᠣᠷ ᠡᠨᠡ ᠪᠠᠶᠠᠷ ᠨᠠᠭᠠᠳᠤᠮ ᠢᠶᠠᠷ 540 ᠬᠠᠷᠪᠤᠭᠠᠴᠢ ᠣᠷᠤᠯᠴᠠᠭᠤᠯᠬᠤ ᠰᠢᠢᠳᠪᠦᠷᠢ ᠭᠠᠷᠴᠠᠢ᠃
ᠬᠠᠷᠪᠤᠭᠠᠴᠢᠳ ᠤᠨ ᠲᠣᠭ᠎ᠠ ᠶᠢ ᠵᠢᠭᠠᠭᠰᠠᠨ ᠲᠤᠯᠠ ᠨᠠᠭᠠᠳᠤᠮ ᠳᠤ ᠤᠷᠤᠯᠴᠠᠬᠤ ᠬᠠᠷᠪᠤᠭᠠᠴᠢᠳ ᠢ ᠡᠨᠡ ᠰᠠᠷ᠎ᠠ ᠶᠢᠨ 22-24 ᠍ ᠳᠦ ᠤᠯᠠᠭᠠᠨᠪᠠᠭᠠᠲᠤᠷ ᠲᠤ ᠪᠣᠯᠬᠤ ᠨᠠᠰᠤᠨ ᠳᠤ ᠬᠦᠷᠦᠭᠰᠡᠳ ᠦᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠣᠨᠣᠭᠰᠠᠨ ᠣᠨᠣᠭ᠎ᠠ ᠪᠠᠷ ᠨᠢ ᠡᠷᠡᠮᠪᠡᠯᠡᠨ ᠰᠢᠯᠭᠠᠷᠠᠭᠤᠯᠬᠤ ᠶᠤᠮ᠃ ᠬᠠᠷᠢᠨ ᠴᠤᠯᠤ ᠵᠡᠷᠭᠡ ᠦᠭᠡᠢ ᠵᠠᠯᠠᠭᠤ ᠬᠠᠷᠪᠤᠭᠠᠴᠢᠳ ᠤᠨ ᠬᠤᠪᠢ ᠳᠤ ᠵᠠᠯᠠᠭᠤᠴᠤᠳ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠪᠠᠶᠠᠷ ᠨᠠᠭᠠᠳᠤᠮ ᠳᠤ ᠤᠷᠤᠯᠴᠠᠬᠤ ᠡᠷᠬᠡ ᠪᠡᠨ ᠠᠪᠤᠨ᠎ᠠ᠃