Moody's ᠮᠣᠩᠭᠣᠯ  ᠢ ᠬᠡᠷᠬᠢᠨ ᠳᠦᠲᠦᠨᠡᠪᠡ  | News.MN

Moody’s ᠮᠣᠩᠭᠣᠯ  ᠢ ᠬᠡᠷᠬᠢᠨ ᠳᠦᠲᠦᠨᠡᠪᠡ 

ᠣᠯᠠᠨ ᠤᠯᠤᠰ ᠤᠨ ᠵᠢᠭᠡᠯᠡᠵᠢᠬᠦ ᠵᠡᠷᠭᠡᠯᠡᠯ ᠲᠣᠭᠲᠠᠭᠠᠭᠴᠢ  Moody’s ︽ᠮᠣᠩᠭᠣᠯ ᠤᠯᠤᠰ ᠰᠡᠭᠦᠯ ᠦᠨ ᠬᠤᠭᠤᠴᠠᠭᠠᠨ ᠳᠤ ᠭᠠᠷᠭᠠᠭᠰᠠᠨ ᠣᠯᠤᠯᠲᠠ ᠠᠮᠵᠢᠯᠲᠠ ᠨᠤᠭᠤᠳ ᠢ ᠨᠢ ᠠᠯᠳᠠᠭᠳᠠᠭᠤᠯᠬᠤ ᠡᠷᠡᠰᠳᠡᠯ ᠪᠦᠬᠦᠢ ᠭᠠᠳᠠᠭᠠᠳᠤ ᠪᠣᠯᠤᠨ ᠳᠣᠲᠣᠭᠠᠳᠤ ᠰᠣᠷᠢᠯᠲᠠ ᠨᠤᠭᠤᠳ ᠲᠠᠢ ᠲᠤᠯᠭᠠᠷᠠᠵᠤ ᠪᠠᠶᠢᠨ᠎ᠠ︾ ᠭᠡᠰᠡᠨ ᠬᠡᠪᠯᠡᠯ ᠦᠨ ᠮᠡᠳᠡᠭᠳᠡᠯ ᠭᠠᠷᠭᠠᠪᠠ᠃ ᠲᠡᠳᠡᠨ ᠦ ᠦᠨᠡᠯᠡᠭᠡᠨ ᠳᠦ ᠮᠤᠩᠭᠤᠯ ᠤᠯᠤᠰ ᠤᠨ ᠡᠳ᠋ ᠦᠨ ᠵᠠᠰᠠᠭ ᠤᠨ ᠥᠰᠦᠯᠲᠡ ᠪᠣᠯᠤᠨ ᠲᠥᠰᠥᠪ ᠦᠨ ᠪᠠᠲᠤ ᠪᠡᠬᠢ ᠪᠠᠶᠢᠳᠠᠯ ︵ᠲᠥᠰᠥᠪ ᠦᠨ ᠠᠯᠳᠠᠭᠳᠠᠯ᠂ ᠵᠠᠰᠠᠭ ᠤᠨ ᠭᠠᠵᠠᠷ ᠤᠨ ᠦᠷᠢ ᠪᠠᠭᠤᠷᠠᠬᠤ︶ ᠰᠡᠭᠦᠯ ᠦᠨ ᠵᠢᠯ ᠦᠳ ᠲᠦ ᠰᠠᠶᠢᠵᠢᠷᠠᠭᠰᠠᠨ᠃ ᠭᠡᠪᠡᠴᠦ ᠡᠨᠡ ᠬᠦ ᠳᠡᠪᠰᠢᠯ ᠨᠢ ᠲᠤᠰ ᠤᠯᠤᠰ ᠤᠨ ᠡᠳ᠋  ᠦᠨ ᠵᠠᠰᠠᠭ ᠲᠤ ᠲᠤᠯᠭᠠᠷᠠᠵᠤ ᠪᠤᠢ ᠭᠠᠳᠠᠭᠠᠳᠤ ᠪᠣᠯᠤᠨ ᠳᠣᠲᠣᠭᠠᠳᠤ ᠰᠣᠷᠢᠯᠲᠠ ᠨᠤᠭᠤᠳ ᠤᠨ ᠤᠯᠠᠮ ᠠᠴᠠ 2019-2020 ᠣᠨ ᠳᠤ ᠠᠯᠳᠠᠭᠳᠠᠵᠤ ᠪᠣᠯᠵᠣᠰᠢ ᠦᠭᠡᠢ ᠪᠠᠶᠢᠨ᠎ᠠ᠃
ᠮᠣᠩᠭᠣᠯ ᠤᠯᠤᠰ ᠤᠨ ᠡᠳ᠋ ᠍ ᠦᠨ ᠵᠠᠰᠠᠭ ᠨᠢ  ᠬᠢᠲᠠᠳ ᠲᠤ ᠭᠠᠷᠭᠠᠬᠤ ᠲᠦᠭᠦᠬᠡᠢ ᠡᠳ᠋ ︵ᠭᠣᠣᠯᠴᠢᠯᠠᠨ ᠵᠡᠰ᠂ ᠨᠡᠭᠦᠷᠡᠰᠦ︶᠍ ᠠᠴᠠ ᠥᠨᠳᠥᠷ ᠬᠠᠮᠢᠶᠠᠷᠤᠯ ᠲᠠᠢ ᠪᠠᠶᠢᠳᠠᠭ᠃ ᠬᠢᠲᠠᠳ ᠤᠳ ᠨᠡᠭᠦᠷᠡᠰᠦᠨ ᠦ ᠬᠡᠷᠡᠭᠯᠡᠭᠡ ᠪᠡᠨ ᠪᠠᠭᠤᠷᠠᠭᠤᠯᠵᠤ ᠪᠠᠶᠢᠭ᠎ᠠ ᠠᠴᠠ ᠰᠢᠯᠲᠠᠭᠠᠯᠠᠨ ᠮᠣᠩᠭᠣᠯ ᠤᠯᠤᠰ ᠤᠨ ᠪᠣᠳᠠᠲᠤ ᠳᠤᠲᠤᠭᠠᠳᠤ ᠶᠢᠨ ᠨᠡᠶᠢᠲᠡ ᠪᠦᠲᠦᠭᠡᠭᠳᠡᠬᠦᠨ ᠍ ᠦ ᠥᠰᠦᠯᠲᠡ 2019 ᠪᠣᠯᠤᠨ 2020 ᠣᠨ ᠳᠤ ᠰᠠᠭᠠᠷᠠᠬᠤ ᠲᠥᠯᠥᠪᠲᠡᠢ ᠪᠠᠶᠢᠨ᠎ᠠ᠃ ᠠᠭᠤᠯᠠ ᠠᠭᠤᠷᠬᠠᠢ ᠶᠢᠨ ᠲᠣᠮᠣᠬᠠᠨ ᠲᠥᠰᠥᠯ ᠦᠳ ᠲᠡᠬᠢ ᠬᠥᠷᠥᠩᠭᠡ ᠣᠷᠣᠭᠤᠯᠤᠯᠲᠠ ᠶᠢᠨ ᠲᠣᠳᠣᠷᠬᠠᠢ ᠦᠭᠡᠢ ᠪᠠᠶᠢᠳᠠᠯ ᠪᠣᠯᠤᠨ ᠣᠯᠠᠨ ᠤᠯᠤᠰ ᠤᠨ ᠵᠠᠬ᠎ᠠ ᠵᠡᠭᠡᠯᠢ ᠳᠡᠭᠡᠷᠡᠬᠢ ᠲᠦᠭᠦᠬᠡᠢ ᠡᠳ᠋ ᠦᠨ ᠦᠨ᠎ᠡ ᠪᠠᠭᠤᠷᠠᠬᠤ ᠳᠠᠷᠤᠮᠲᠠ ᠨᠤᠭᠤᠳ ᠨᠢ ᠮᠣᠩᠭᠣᠯ ᠤᠯᠤᠰ ᠲᠤ ᠨᠡᠮᠡᠯᠲᠡ ᠰᠣᠷᠢᠯᠲᠠ ᠨᠤᠭᠤᠳ ᠢ ᠪᠤᠢ ᠪᠣᠯᠭᠠᠵᠤ ᠪᠠᠶᠢᠨ᠎ᠠ᠃
2020 ᠣᠨ ᠳᠤ ᠪᠣᠯᠬᠤ ᠤᠯᠤᠰ ᠤᠨ ᠶᠡᠬᠡ ᠬᠤᠷᠠᠯ ᠤᠨ ᠰᠣᠩᠭᠣᠭᠤᠯᠢ ᠶᠢᠨ ᠨᠥᠯᠥᠭᠡ ᠪᠡᠷ ᠮᠣᠩᠭᠣᠯ ᠤᠯᠤᠰ ᠤᠨ ᠲᠥᠰᠥᠪ ᠦᠨ ᠠᠯᠳᠠᠭᠳᠠᠯ 2019 ᠪᠣᠯᠤᠨ 2020 ᠣᠨ ᠳᠤ ᠨᠡᠮᠡᠭᠳᠡᠬᠦ ᠬᠠᠨᠳᠤᠯᠭ᠎ᠠ ᠲᠠᠢ ᠪᠠᠶᠢᠨ᠎ᠠ᠃ ᠤᠯᠤᠰ ᠲᠥᠷᠥ ᠶᠢᠨ ᠣᠷᠴᠢᠨ ᠲᠣᠭᠲᠠᠪᠤᠷᠢ ᠦᠭᠡᠢ ᠪᠠᠶᠢᠭ᠎ᠠ ᠲᠠᠢ ᠬᠣᠯᠪᠣᠭ᠎ᠠ ᠲᠠᠢ ᠪᠠᠷ ᠬᠣᠶᠠᠷ ᠭᠣᠣᠯ ᠬᠦᠴᠦᠨ ᠵᠦᠢᠯ ᠮᠣᠩᠭᠣᠯ ᠤᠯᠤᠰ ᠤᠨ ᠵᠢᠭᠡᠯᠡᠵᠢᠬᠦ ᠵᠡᠷᠭᠡᠯᠡᠯ ᠦᠨ ᠦᠨᠡᠯᠡᠭᠡᠨ ᠳᠦ ᠨᠥᠯᠥᠭᠡᠯᠡᠬᠦ ᠪᠡᠷ ᠪᠠᠶᠢᠨ᠎ᠠ᠃ ᠲᠣᠳᠣᠷᠠᠭᠤᠯᠪᠠᠯ ᠣᠳᠣ ᠶᠢᠨ ᠡᠷᠬᠡ ᠪᠠᠷᠢᠭᠴᠢᠳ ᠤᠨ ᠣᠯᠠᠨ ᠤᠯᠤᠰ ᠤᠨ  ᠸᠠᠯᠢᠶᠤᠲ ᠤᠨ ᠰᠠᠩ ᠦᠨ ᠬᠥᠲᠥᠯᠪᠦᠷᠢ ᠶᠢᠨ ᠬᠦᠷᠢᠶᠡᠨ ᠳᠦ ᠪᠣᠳᠣᠯᠭ᠎ᠠ ᠪᠠᠨ ᠬᠡᠷᠡᠭᠵᠢᠭᠦᠯᠬᠦ ᠴᠢᠨᠠᠭᠰᠢᠳᠠ ᠶᠢᠨ ᠬᠠᠨᠳᠤᠯᠭ᠎ᠠ᠂ ᠮᠥᠨ ᠠᠭᠤᠯᠠ ᠠᠭᠤᠷᠬᠠᠢ ᠶᠢᠨ ᠲᠣᠮᠣᠬᠠᠨ ᠲᠥᠰᠥᠯ ᠦᠳ ᠲᠦ ᠬᠢᠭᠳᠡᠬᠦ ᠭᠠᠳᠠᠭᠠᠳᠤ ᠶᠢᠨ ᠬᠥᠷᠥᠩᠭᠡ ᠣᠷᠣᠭᠤᠯᠤᠯᠲᠠ ᠳᠤ ᠬᠠᠨᠳᠤᠬᠤ ᠬᠠᠨᠳᠤᠯᠭ᠎ᠠ ᠨᠢ ᠭᠣᠣᠯᠯᠠᠨ ᠨᠥᠯᠥᠭᠡᠯᠡᠬᠦ ᠪᠡᠷ ᠪᠠᠶᠢᠨ᠎ᠠ᠃

ᠰᠡᠳᠬᠢᠭᠳᠡᠯ ᠦᠯᠡᠳᠡᠭᠡᠬᠦ