ᠤᠯᠠᠭᠠᠨᠪᠠᠭᠠᠲᠤᠷ ᠳᠠᠷᠬᠠᠨ ᠴᠢᠭᠯᠡᠯ ᠦᠨ 204 ᠺᠢᠯᠣᠮᠧᠲ᠋ᠷ ᠠᠦ᠋ᠲ᠋ᠣ᠋ ᠵᠠᠮ ᠢ ᠰᠢᠨᠡᠴᠢᠯᠡᠨ ᠪᠠᠷᠢᠬᠤ ᠠᠵᠢᠯ ᠡᠨᠡ ᠰᠠᠷ᠎ᠠ ᠶᠢᠨ 17 ᠳᠦ ᠡᠬᠢᠯᠡᠨ᠎ᠡ᠃ ᠠᠽᠢᠶ᠎ᠠ ᠶᠢᠨ ᠬᠥᠭᠵᠢᠯ ᠦᠨ ᠪᠠᠩᠬᠢᠨ ᠤ 60 ᠰᠠᠶ᠎ᠠ ᠳ᠋ᠣᠯᠯᠠᠷ ᠤᠨ ᠵᠢᠭᠡᠯᠡ ᠪᠡᠷ ᠤᠭ ᠵᠠᠮ ᠢ ᠪᠠᠷᠢᠬᠤ ᠪᠠᠷ ᠪᠣᠯᠵᠤ᠂ ᠥᠩᠭᠡᠷᠡᠭᠰᠡᠨ ᠣᠨ ᠳᠤ ᠭᠡᠷ᠎ᠡ ᠶᠢ ᠪᠠᠶᠢᠭᠤᠯᠵᠤ ᠪᠠᠶᠢᠪᠠ᠃
ᠥᠩᠭᠡᠷᠡᠭᠰᠡᠨ ᠳᠥᠷᠪᠡᠳᠦᠭᠡᠷ ᠰᠠᠷ᠎ᠠ ᠳᠤ ᠬᠠᠭᠤᠴᠢᠨ ᠵᠠᠮ ᠢ ᠬᠠᠭᠠᠵᠤ᠂ ᠲᠦᠷ ᠵᠠᠮ ᠭᠠᠷᠭᠠᠬᠤ ᠪᠠᠷ ᠠᠵᠢᠯ ᠳᠤ ᠪᠠᠨ ᠣᠷᠣᠭᠰᠠᠨ᠃ ᠣᠳᠣ ᠪᠠᠷ ᠲᠦᠷ ᠵᠠᠮ ᠪᠠᠷᠢᠬᠤ ᠠᠵᠢᠯ ᠳᠠᠭᠤᠰᠤᠭ᠎ᠠ ᠦᠭᠡᠢ ᠪᠠᠶᠢᠭ᠎ᠠ ᠴᠤ ᠢᠷᠡᠬᠦ ᠳᠣᠯᠣᠭ᠎ᠠ ᠬᠣᠨᠣᠭ ᠲᠤ ᠰᠢᠨᠡᠴᠢᠯᠡᠨ ᠪᠠᠷᠢᠬᠤ ᠵᠠᠮ ᠤᠨ ᠠᠵᠢᠯ ᠢ ᠡᠬᠢᠯᠡᠭᠦᠯᠬᠦ ᠪᠡᠷ ᠪᠣᠯᠵᠠᠢ ᠃ ᠵᠠᠮ ᠢ ᠡᠨᠡ ᠣᠨ ᠳᠤ ᠪᠠᠭᠲᠠᠭᠠᠨ ᠠᠰᠢᠭᠯᠠᠯᠲᠠ ᠳᠤ ᠬᠦᠯᠢᠶᠡᠯᠭᠡᠨ ᠥᠭᠬᠦ ᠪᠡᠷ ᠲᠥᠯᠥᠪᠯᠡᠵᠦ ᠪᠠᠶᠢᠭ᠎ᠠ ᠶᠤᠮ᠃