ᠥᠩᠭᠡᠷᠡᠭᠰᠡᠨ 20 ᠭᠠᠷᠤᠢ ᠵᠢᠯ ᠦᠨ ᠬᠤᠭᠤᠴᠠᠭᠠᠨ ᠳᠤ ᠧᠦ᠋ᠷᠣᠫᠠ ᠶᠢᠨ ᠰᠡᠷᠭᠦᠭᠡᠨ ᠪᠣᠰᠬᠠᠯᠲᠠ᠂ ᠬᠥᠭᠵᠢᠯ ᠦᠨ ᠪᠠᠩᠬᠢ ᠮᠣᠩᠭᠣᠯ ᠤᠯᠤᠰ ᠤᠨ ᠬᠤᠪᠢ ᠶᠢᠨ ᠬᠡᠪᠰᠢᠯ ᠢ ᠬᠥᠭᠵᠢᠭᠦᠯᠬᠦ ᠳᠦ 1.7 ᠲᠡᠷᠪᠤᠮ ᠡᠸᠦ᠋ᠷᠤ᠋ ᠵᠠᠷᠤᠴᠠᠭᠤᠯᠤᠭᠰᠠᠨ ᠳᠤ ᠲᠠᠯᠠᠷᠬᠠᠵᠤ ᠪᠠᠶᠢᠳᠠᠭ ᠢᠶᠠᠨ ᠶᠡᠷᠦᠩᠬᠡᠢ ᠰᠠᠶᠢᠳ ᠢᠯᠡᠷᠬᠡᠶᠢᠯᠡᠪᠡ᠃ ᠧᠦ᠋ᠷᠣᠫᠠ ᠶᠢᠨ ᠰᠡᠷᠭᠦᠭᠡᠨ ᠪᠣᠰᠬᠠᠯᠲᠠ᠂ ᠬᠥᠭᠵᠢᠯ ᠦᠨ ᠪᠠᠩᠬᠢ ᠮᠣᠩᠭᠣᠯ ᠤᠯᠤᠰ ᠲᠤ ᠡᠨᠡ ᠣᠨ ᠭᠠᠷᠤᠭᠰᠠᠭᠠᠷ 70 ᠰᠠᠶ᠎ᠠ ᠡᠸᠦ᠋ᠷᠤ᠋ ᠶᠢᠨ ᠰᠠᠩᠬᠦᠦᠵᠢᠯᠲᠡ ᠬᠢᠭᠰᠡᠨ ᠪᠥᠭᠡᠳ ᠬᠥᠳᠡᠭᠡ ᠣᠷᠣᠨ ᠨᠤᠲᠤᠭ ᠲᠤ ᠬᠡᠳᠦ ᠬᠡᠳᠦᠨ ᠲᠥᠰᠥᠯ᠂ ᠬᠥᠲᠥᠯᠪᠦᠷᠢ ᠬᠡᠷᠡᠭᠵᠢᠭᠦᠯᠦᠨ᠎ᠡ ᠭᠡᠳᠡᠭ ᠢᠶᠡᠨ ᠪᠠᠩᠬᠢᠨ ᠤ ᠳᠡᠳ᠋ ᠶᠡᠷᠦᠩᠬᠡᠶᠢᠯᠡᠭᠴᠢ ᠠᠯᠸᠢᠢᠨ ᠫᠢᠯᠤ᠋ ᠬᠡᠯᠡᠪᠡ᠃ ᠬᠠᠮᠲᠤ ᠶᠢᠨ ᠠᠵᠢᠯᠯᠠᠭᠠᠨ ᠳᠤ ᠴᠢᠬᠤᠯᠠ ᠪᠠᠶᠢᠷᠢ ᠰᠠᠭᠤᠷᠢ ᠡᠵᠡᠯᠡᠬᠦ ᠤᠯᠠᠭᠠᠨᠪᠠᠭᠠᠲᠤᠷ ᠳᠠᠷᠬᠠᠨ ᠴᠢᠭᠯᠡᠯ ᠦᠨ ᠵᠠᠮ ᠤᠨ ᠰᠢᠨᠡᠴᠢᠯᠡᠯ ᠦᠨ ᠠᠵᠢᠯ ᠢ ᠲᠣᠪᠯᠠᠭᠰᠠᠨ ᠬᠤᠭᠤᠴᠠᠭᠠᠨ ᠳᠤ ᠨᠢ ᠳᠠᠭᠤᠰᠬᠠᠬᠤ ᠶᠣᠰᠣᠲᠠᠢ ᠭᠡᠳᠡᠭ ᠲᠦ ᠲᠠᠯ᠎ᠠ ᠨᠤᠭᠤᠳ ᠰᠠᠨᠠᠯ ᠨᠢᠭᠡᠳᠪᠡ᠃ ᠴᠢᠨᠠᠭᠰᠢᠳᠠ ᠠᠭᠤᠯᠠ ᠠᠭᠤᠷᠬᠠᠢ ᠶᠢᠨ ᠰᠠᠯᠪᠤᠷᠢ ᠶᠢᠨ ᠵᠠᠰᠠᠭᠯᠠᠯ ᠢ ᠰᠠᠶᠢᠵᠢᠷᠠᠭᠤᠯᠬᠤ᠂ ᠳᠡᠳ᠋ ᠪᠦᠲᠦᠴᠡ᠂ ᠬᠥᠳᠡᠭᠡ ᠠᠵᠤ ᠠᠬᠤᠢ ᠶᠢᠨ ᠪᠣᠯᠪᠠᠰᠤᠷᠠᠭᠤᠯᠬᠤ ᠦᠢᠯᠡᠳᠪᠦᠷᠢ᠂ ᠭᠠᠵᠠᠷ ᠲᠠᠷᠢᠶᠠᠯᠠᠩ᠂ ᠮᠠᠯ ᠠᠵᠤ ᠠᠬᠤᠢ᠂ ᠡᠷᠴᠢᠮ ᠬᠦᠴᠦ᠂ ᠳᠤᠯᠠᠭᠠᠨ ᠬᠠᠩᠭᠠᠮᠵᠢ᠂ ᠠᠶᠠᠯᠠᠯ ᠵᠢᠭᠤᠯᠴᠢᠯᠠᠯ ᠵᠡᠷᠭᠡ ᠴᠢᠭᠯᠡᠯ ᠢᠶᠡᠷ ᠬᠠᠮᠲᠤᠷᠠᠨ ᠠᠵᠢᠯᠯᠠᠬᠤ ᠲᠠᠯ᠎ᠠ ᠪᠠᠷ ᠰᠠᠨᠠᠯ ᠰᠤᠯᠢᠯᠴᠠᠪᠠ᠃