ᠮᠣᠩᠭᠣᠯ ᠤᠨ ᠰᠣᠩᠭᠣᠳᠠᠭ ᠬᠥᠭᠵᠢᠮ ᠦᠨ ᠰᠢᠨ᠎ᠡ ᠴᠢᠭ ᠬᠠᠨᠳᠤᠯᠭ᠎ᠠ ᠶᠢ ᠲᠣᠳᠣᠷᠬᠠᠶᠢᠯᠠᠵᠤ᠂ ᠲᠡᠭᠦᠨ ᠢ ᠪᠡᠨ ᠣᠯᠠᠨ ᠤᠯᠤᠰ ᠲᠤ ᠲᠤᠩᠬᠠᠭᠯᠠᠨ ᠰᠣᠨᠣᠷᠳᠠᠭᠤᠯᠤᠭᠰᠠᠨ ᠬᠥᠭᠵᠢᠮ ᠦᠨ ᠵᠣᠬᠢᠶᠠᠯᠴᠢ ᠪ∙ᠰᠢᠷᠠᠪ ᠤᠨ ︽ᠬᠣᠶᠠᠳᠤᠭᠠᠷ ᠰᠢᠮᠫᠤᠨᠢ︾ ᠠᠯᠲᠠᠨ ᠫᠢᠶᠠᠨᠰᠠ ᠶᠢ ᠯᠣᠨᠳᠣᠨ ᠬᠣᠲᠠ ᠠᠴᠠ ᠠᠪᠴᠢᠷᠠᠵᠠᠢ᠃ ᠡᠨᠡᠬᠦ ᠫᠢᠶᠠᠨᠰᠠ ᠶᠢ ᠳᠡᠯᠡᠬᠡᠢ ᠶᠢᠨ ᠠᠯᠳᠠᠷᠲᠠᠨ ᠨᠤᠭᠤᠳ ᠤᠨ ᠫᠢᠶᠠᠨᠰᠠ ᠶᠢ ᠦᠢᠯᠡᠳᠪᠦᠷᠢᠯᠡᠵᠦ ᠢᠷᠡᠭᠰᠡᠨ ᠠᠯᠳᠠᠷᠲᠤ EMI 1440 ᠲᠥᠬᠥᠭᠡᠷᠦᠮᠵᠢ ᠪᠡᠷ 300 ᠰᠢᠷᠬᠡᠭ ᠢ ᠠᠩᠭᠯᠢ ᠳᠤ ᠬᠡᠪᠯᠡᠭᠰᠡᠨ ᠨᠢ ᠡᠨᠡ ᠶᠤᠮ ᠪᠠᠶᠢᠨ᠎ᠠ᠃
ᠤᠭ ᠫᠢᠶᠠᠨᠰᠠ ᠳᠤ ᠨᠢ ᠲᠡᠭᠦᠨ ᠦ ︽ᠮᠣᠩᠭᠣᠯ ᠣᠷᠣᠨ ᠪᠠᠳᠠᠷᠠᠲᠤᠭᠠᠢ ︾ ︵ 2011 ᠣᠨ ︶᠂ ︽ᠡᠬᠡ ᠶᠢᠨ ᠰᠡᠳᠬᠢᠯ ᠰᠢᠭ ︾ ︵ 2018 ᠣᠨ ︶᠂ ︽ᠵᠠᠭᠤᠷᠠᠳᠤ ᠶᠢᠨ ᠣᠷᠣᠨ ︾ ︵ 1998ᠤᠨ ︶᠂ ︽ᠬᠣᠶᠠᠳᠤᠭᠠᠷ ᠰᠢᠮᠫᠤᠨᠢ ︾ ︵1987 ᠣᠨ ︶᠂ 《ᠲᠷᠢᠤ᠋ 》 ︵1980 ᠣᠨ ︶ ᠭᠡᠰᠡᠨ ᠰᠢᠯᠢᠳᠡᠭ ᠲᠠᠪᠤᠨ ᠪᠦᠲᠦᠭᠡᠯ ᠪᠠᠭᠲᠠᠵᠠᠢ᠃ ︽ᠴᠢᠩᠭᠢᠰ ᠬᠠᠭᠠᠨ ︾ ᠤᠳᠤᠨᠲᠤ ᠂ ᠲᠥᠷᠥ ᠶᠢᠨ ᠱᠠᠩᠨᠠᠯᠲᠤ᠂ ᠤᠷᠠᠯᠢᠭ ᠤᠨ ᠭᠠᠪᠢᠶᠠᠲᠤ ᠵᠢᠳᠬᠦᠯᠲᠡᠨ᠂ ᠬᠥᠭᠵᠢᠮ ᠦᠨ ᠵᠣᠬᠢᠶᠠᠯᠴᠢ ᠪ∙ᠰᠢᠷᠠᠪ ᠤᠨ ︽ᠬᠣᠶᠠᠳᠤᠭᠠᠷ ᠰᠢᠮᠫᠤᠨᠢ︾ ᠶᠢ ᠬᠠᠮᠤᠭ ᠤᠨ ᠠᠩᠬ᠎ᠠ 1988 ᠣᠨ ᠤ 5 ᠳ᠋ᠤᠭᠠᠷ ᠰᠠᠷ᠎ᠠ ᠶᠢᠨ 22 ᠍ ᠤ ᠦᠳᠡᠰᠢ ᠯᠧᠨᠢᠩᠷᠠᠳ᠋ ᠤᠨ ᠹᠢᠯᠠᠷᠮᠣᠨᠢ ᠶᠢᠨ ᠲᠠᠶᠢᠰᠠᠨ᠎ᠠ ᠡᠭᠡᠰᠢᠭᠯᠡᠭᠦᠯᠵᠦ ᠪᠠᠶᠢᠭᠰᠠᠨ ᠲᠡᠦᠬᠡ ᠲᠡᠢ᠃
ᠪ ᠂ ᠴᠡᠴᠡᠭ