ᠮᠤᠩᠭᠤᠯ ᠪᠠᠩᠭᠢ 3.4  ᠲᠤᠨ ᠠᠯᠲᠠ ᠬᠤᠳᠠᠯᠳᠤᠵᠠᠢ | News.MN

 ᠮᠤᠩᠭᠤᠯ ᠪᠠᠩᠭᠢ 3.4  ᠲᠤᠨ ᠠᠯᠲᠠ ᠬᠤᠳᠠᠯᠳᠤᠵᠠᠢ

World Gold Council ᠵᠥᠪᠯᠡᠯ ᠡᠴᠡ ᠳᠡᠯᠡᠬᠡᠢ ᠶᠢᠨ ᠠᠯᠲᠠᠨ ᠤ ᠵᠠᠬ᠎ᠠ ᠵᠡᠭᠡᠯᠢ ᠶᠢᠨ ᠡᠭᠡᠯᠵᠢᠲᠦ ᠢᠯᠡᠳᠬᠡᠯ ᠢᠶᠡᠨ ᠲᠠᠯᠪᠢᠯ᠎ᠠ᠃ 2019 ᠣᠨ ᠤ ᠡᠬᠢᠨ ᠦ ᠤᠯᠠᠷᠢᠯ ᠳᠤ ᠬᠠᠮᠤᠭ ᠤᠨ ᠶᠡᠬᠡ ᠠᠯᠲᠠ ᠵᠠᠷᠤᠭᠰᠠᠨ ᠤᠯᠤᠰ ᠢᠶᠠᠷ ᠦᠽᠪᠸᠺᠰᠲ᠋ᠠᠨ ᠲᠣᠳᠣᠷᠠᠵᠠᠢ᠃ ᠲᠤᠰ ᠤᠯᠤᠰ ᠤᠨ ᠲᠥᠪ ᠪᠠᠩᠬᠢ ᠡᠨᠡ ᠵᠢᠯ ᠦᠨ 1-3 ᠰᠠᠷ᠎ᠠ ᠳᠤ 6.2 ᠲᠣᠨ ᠠᠯᠲᠠ ᠵᠠᠷᠤᠭᠰᠠᠨ ᠪᠠᠶᠢᠨ᠎ᠠ᠃ ᠬᠣᠶᠠᠳᠤᠭᠠᠷ ᠪᠠᠶᠢᠷᠢ ᠳᠤ 3.4 ᠲᠣᠨ ᠠᠯᠲᠠ ᠵᠠᠷᠤᠭᠰᠠᠨ ᠮᠠᠨ ᠤ ᠤᠯᠤᠰ ᠣᠷᠣᠵᠤ᠂  ᠭᠤᠷᠪᠠ ᠳᠦ 1 ᠲᠣᠨ ᠠᠯᠲᠠ ᠬᠤᠳᠠᠯᠳᠤᠭᠰᠠᠨ ᠲᠠᠵᠢᠺᠰᠲ᠋ᠠᠨ ᠣᠷᠣᠵᠠᠢ᠃ 2019 ᠣᠨ ᠤ ᠡᠬᠢᠨ ᠦ ᠤᠯᠠᠷᠢᠯ ᠳᠤ ᠦᠨᠳᠦᠰᠦᠨ ᠦ ᠲᠥᠪ ᠪᠠᠩᠬᠢ ᠨᠤᠭᠤᠳ 145.5 ᠲᠣᠨ ᠠᠯᠲᠠ ᠬᠤᠳᠠᠯᠳᠤᠨ ᠠᠪᠤᠭᠰᠠᠨ ᠨᠢ ᠰᠡᠭᠦᠯ ᠦᠨ ᠵᠢᠷᠭᠤᠭᠠᠨ ᠵᠢᠯ ᠳᠦ ᠭᠠᠷᠤᠭ᠎ᠠ ᠦᠭᠡᠢ ᠥᠨᠳᠥᠷ ᠦᠵᠡᠭᠦᠯᠦᠯᠲᠡ ᠪᠥᠭᠡᠳ ᠥᠩᠭᠡᠷᠡᠭᠰᠡᠨ ᠵᠢᠯ ᠦᠨ ᠮᠥᠨ ᠦᠶ᠎ᠡ ᠶᠢᠨ ᠬᠢ ᠡᠴᠡ 68 ᠬᠤᠪᠢ ᠶᠡᠬᠡ ᠪᠠᠶᠢᠨ᠎ᠠ᠃ ᠬᠠᠮᠤᠭ ᠤᠨ ᠶᠡᠬᠡ ᠠᠯᠲᠠ ᠬᠤᠳᠠᠯᠳᠤᠨ ᠠᠪᠤᠭᠰᠠᠨ ᠤᠯᠤᠰ ᠪᠣᠯ ᠣᠷᠣᠰ᠃ ᠣᠷᠣᠰ ᠤᠨ ᠲᠥᠪ ᠪᠠᠩᠬᠢ 55.3 ᠲᠣᠨ ᠠᠯᠲᠠ ᠬᠤᠳᠠᠯᠳᠤᠨ ᠠᠪᠴᠤ᠂ ᠠᠯᠲᠠᠨ ᠤ ᠨᠥᠭᠡᠴᠡ ᠪᠡᠨ 2168.3 ᠲᠣᠨ ᠪᠣᠯᠭᠠᠨ ᠨᠡᠮᠡᠭᠳᠡᠭᠦᠯᠦᠯ᠎ᠡ᠃

ᠰᠡᠳᠬᠢᠭᠳᠡᠯ ᠦᠯᠡᠳᠡᠭᠡᠬᠦ