ᠬᠡᠢ ᠶᠢᠨ ᠲᠦᠯᠡᠰᠢᠨ ᠦ ᠠᠩᠬᠠᠳᠠᠭᠴᠢ ᠳᠠᠰᠢᠸᠠᠩᠵᠢᠯ ᠺᠤᠮᠫᠠᠨᠢ ᠶᠢᠨ ᠨᠡᠷᠡᠮᠵᠢᠲᠦ ᠥᠰᠪᠦᠷᠢ ᠶᠢᠨ ᠰᠦᠮᠣ᠋ ᠪᠥᠬᠡ ᠶᠢᠨ ᠣᠯᠠᠨ ᠬᠣᠲᠠ ᠶᠢᠨ ᠨᠡᠭᠡᠭᠡᠯᠲᠡᠲᠡᠢ ᠲᠡᠮᠡᠴᠡᠭᠡᠨ ᠪᠣᠯᠤᠯ᠎ᠠ᠃ ᠲᠡᠮᠡᠴᠡᠭᠡᠨ ᠳᠦ ᠬᠥᠪᠰᠥᠭᠥᠯ᠂ ᠪᠠᠶᠠᠨᠬᠣᠩᠭᠣᠷ᠂ ᠲᠥᠪ᠂ ᠰᠡᠯᠡᠩᠭᠡ᠂ ᠪᠤᠯᠠᠭᠠᠨ᠂ ᠳᠠᠷᠬᠠᠨ-ᠠᠭᠤᠯᠠ ᠵᠡᠷᠭᠡ 10 ᠭᠠᠷᠤᠢ ᠠᠶᠢᠮᠠᠭ ᠤᠨ 88 ᠲᠠᠮᠢᠷᠴᠢᠨ 5 ᠨᠠᠰᠤᠨ ᠤ ᠠᠩᠭᠢᠯᠠᠯ ᠳᠤ ᠥᠷᠢᠰᠦᠯᠳᠦᠵᠡᠢ᠃ ᠲᠣᠳᠣᠷᠠᠭᠤᠯᠪᠠᠯ 9 ᠨᠠᠰᠤ ᠬᠦᠷᠲᠡᠯᠡᠬᠢ ᠂ 10-11 ᠨᠠᠰᠤ᠂ 12-13 ᠨᠠᠰᠤ᠂ 14-15 ᠨᠠᠰᠤ᠂ 16-17 ᠨᠠᠰᠤ ᠬᠦᠷᠲᠡᠯᠡᠬᠢ ᠭᠡᠰᠡᠨ 5 ᠨᠠᠰᠤᠨ ᠤ ᠠᠩᠭᠢᠯᠠᠯ ᠢᠶᠠᠷ ᠪᠠᠷᠢᠯᠳᠤᠭᠰᠠᠨ ᠠᠵᠢ᠃
ᠬᠡᠦᠬᠡᠳ ᠪᠠᠭᠠᠴᠤᠳ ᠢ ᠰᠫᠣᠷᠲ ᠢᠶᠠᠷ ᠬᠢᠴᠢᠶᠡᠯᠯᠡᠭᠦᠯᠬᠦ᠂ ᠲᠡᠭᠦᠨᠴᠢᠯᠡᠨ ᠥᠪᠡᠷ ᠦᠨ ᠰᠣᠨᠢᠷᠬᠠᠯᠲᠠᠢ ᠰᠫᠣᠷᠲ ᠢᠶᠠᠷ ᠢᠶᠠᠨ ᠬᠢᠴᠢᠶᠡᠯᠯᠡᠵᠦ ᠠᠮᠵᠢᠯᠲᠠ ᠭᠠᠷᠭᠠᠬᠤ ᠳᠤ ᠨᠢ ᠳᠡᠮᠵᠢᠯᠭᠡ ᠦᠵᠡᠭᠦᠯᠬᠦ᠂ ᠲᠡᠳᠡᠨ ᠦ ᠨᠠᠰᠤᠨ ᠳᠤ ᠲᠣᠬᠢᠷᠠᠭᠰᠠᠨ ᠲᠡᠮᠡᠴᠡᠭᠡᠨ ᠤᠷᠤᠯᠳᠤᠭᠠᠨ ᠨᠤᠭᠤᠳ ᠢ ᠵᠣᠬᠢᠶᠠᠨ ᠪᠠᠶᠢᠭᠤᠯᠬᠤ ᠳᠤ ᠳᠠᠰᠢᠸᠠᠩᠵᠢᠯ ᠺᠤᠮᠫᠠᠨᠢ ᠢᠮᠠᠭᠲᠠ ᠳᠡᠮᠵᠢᠨ ᠠᠵᠢᠯᠯᠠᠳᠠᠭ᠃ ᠲᠡᠭᠦᠨ ᠦ ᠨᠢᠭᠡ ᠨᠢ ᠡᠨᠡᠬᠦ ᠥᠰᠪᠦᠷᠢ ᠶᠢᠨ ᠰᠦᠮᠣ᠋ ᠪᠥᠬᠡ ᠶᠢᠨ ᠣᠯᠠᠨ ᠬᠣᠲᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠶᠤᠮ ᠃ ᠲᠡᠮᠡᠴᠡᠭᠡᠨ ᠡᠴᠡ ᠰᠢᠯᠭᠠᠷᠠᠭᠰᠠᠨ ᠲᠠᠮᠢᠷᠴᠢᠳ ᠤᠯᠠᠭᠠᠨᠪᠠᠭᠠᠲᠤᠷ ᠬᠤᠲᠠ ᠳᠤ ︽ᠵᠣᠷᠢᠭ︾ ᠰᠠᠩ ᠤᠨ ᠨᠡᠷᠡᠮᠵᠢᠲᠦ ᠲᠡᠮᠡᠴᠡᠭᠡᠨ ᠳᠦ ᠤᠷᠤᠯᠴᠠᠬᠤ ᠡᠷᠬᠡ ᠲᠡᠢ ᠪᠤᠯᠵᠤ ᠂ ᠤᠯᠤᠰ ᠤᠨ ᠲᠡᠮᠡᠴᠡᠭᠡᠨ ᠳᠦ ᠠᠮᠵᠢᠯᠲᠠ ᠦᠵᠡᠭᠦᠯᠵᠦ ᠂ ᠡᠬᠢᠨ ᠦ ᠪᠠᠶᠢᠷᠢ ᠳᠤ ᠰᠢᠯᠭᠠᠷᠠᠭᠰᠠᠨ ᠲᠣᠬᠢᠶᠠᠯᠳᠤᠯ ᠳᠤ ᠶᠠᠫᠣᠨ ᠤᠯᠤᠰ ᠤᠷᠤᠭᠤ ᠶᠠᠪᠤᠵᠤ ᠰᠤᠷᠭᠠᠯᠲᠠ ᠳᠤ ᠬᠠᠮᠤᠷᠤᠭᠳᠠᠬᠤ᠂ ᠰᠦᠮᠣ᠋ ᠪᠥᠬᠡ ᠶᠢᠨ ᠪᠡᠯᠡᠳᠬᠡᠯ ᠬᠢᠵᠦ ᠪᠦᠬᠦ ᠶᠠᠫᠣᠨ ᠤ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠤᠷᠤᠯᠴᠠᠬᠤ ᠪᠤᠯᠤᠮᠵᠢ ᠲᠠᠢ ᠃