ᠠᠷᠠᠪ ᠤᠨ ᠨᠢᠭᠡᠳᠦᠭᠰᠡᠨ ᠡᠮᠢᠷᠠᠲ ᠤᠯᠤᠰ ᠲᠤ ᠵᠢᠦ᠋ᠳᠣ᠋ ᠪᠥᠬᠡ ᠶᠢᠨ ᠨᠠᠰᠤᠨ ᠳᠤ ᠬᠦᠷᠦᠭᠰᠡᠳ ᠦᠨ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠭᠤᠷᠪᠠᠳᠠᠬᠢ ᠡᠳᠦᠷ ᠠᠮᠵᠢᠯᠲᠠ ᠲᠠᠢ ᠦᠷᠭᠦᠯᠵᠢᠯᠡᠯ᠎ᠡ᠃ 2018 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠦᠷᠡᠯ ᠮᠸᠳᠠᠯᠲᠤ ᠂ ᠠᠽᠢᠶ᠎ᠠ ᠶᠢᠨ ᠨᠠᠭᠠᠳᠤᠮ ᠤᠨ ᠬᠣᠱᠣᠢ ᠬᠦᠷᠡᠯ ᠮᠸᠳᠠᠯᠲᠤ ᠯᠾᠬᠠᠪᠠᠰᠦ᠋ᠷᠦᠩ ᠦᠨ ᠣᠳᠬᠣᠨᠪᠠᠭᠠᠲᠤᠷ -100 ᠺᠢᠯᠦᠭᠷᠡᠮ ᠦᠨ ᠵᠢᠩ ᠳᠦ ᠲᠦᠷᠦᠭᠦᠯᠡᠵᠦ᠂ ᠠᠩᠬ᠎ᠠ ᠤᠳᠠᠭ᠎ᠠ ᠠᠽᠢᠶ᠎ᠠ ᠶᠢᠨ ᠠᠪᠤᠷᠭᠤ ᠪᠣᠯᠵᠠᠢ᠃
ᠡᠨᠡ ᠵᠢᠩ ᠳᠦ ᠨᠡᠶᠢᠲᠡ 21 ᠪᠦᠬᠡ ᠬᠦᠴᠦ ᠦᠵᠡᠭᠰᠡᠨ ᠪᠥᠭᠡᠳ ᠯ∙ᠣᠳᠬᠣᠨᠪᠠᠭᠠᠲᠤᠷ ᠨᠡᠶᠢᠲᠡ ᠳᠥᠷᠪᠡ ᠪᠠᠷᠢᠯᠳᠤᠬᠤ ᠳᠤ ᠪᠠᠨ ᠪᠦᠬᠦ ᠥᠷᠢᠰᠦᠯᠳᠦᠭᠴᠢ ᠪᠡᠨ ᠬᠤᠭᠤᠴᠠᠭᠠᠨ ᠠᠴᠠ ᠨᠢ ᠡᠮᠦᠨ᠎ᠡ ᠴᠡᠪᠡᠷ ᠢᠯᠠᠭᠰᠠᠨ ᠪᠠᠶᠢᠨ᠎ᠠ᠃ ᠮᠠᠨ ᠤ ᠲᠠᠮᠢᠷᠴᠢᠳ ᠡᠨᠡ ᠤᠳᠠᠭ᠎ᠠ ᠶᠢᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠬᠤᠪᠢ ᠶᠢᠨ ᠲᠥᠷᠥᠯ ᠳᠦ 3 ᠠᠯᠲᠠ᠂ 2 ᠮᠥᠩᠭᠥ᠂ 3 ᠬᠦᠷᠡᠯ ᠮᠧᠳᠠᠯ ᠠᠪᠤᠭᠰᠠᠨ ᠢᠶᠠᠷ ᠨᠡᠶᠢᠲᠡ 39 ᠣᠷᠣᠨ ᠤ ᠪᠠᠭ ᠲᠠᠮᠢᠷᠴᠢᠳ ᠠᠴᠠ ᠬᠤᠶᠠᠷ ᠲᠤ ᠵᠢᠭᠰᠠᠵᠤ ᠪᠠᠶᠢᠨ᠎ᠠ᠃ ᠵᠢᠦ᠋ᠳᠣ᠋ ᠍ ᠶᠢᠨ ᠡᠬᠡ ᠣᠷᠣᠨ ᠶᠠᠫᠣᠨᠴᠤᠳ 4 ᠠᠯᠲᠠ᠂ 1 ᠮᠥᠩᠭᠥ᠂ 4 ᠬᠦᠷᠡᠯ ᠮᠧᠳᠠᠯ ᠲᠠᠢ ᠲᠡᠷᠢᠭᠦᠯᠡᠵᠦ ᠪᠠᠶᠢᠭ᠎ᠠ ᠶᠤᠮ᠃