︽ᠮᠥᠩᠬᠡ ᠶᠢᠨ ᠦᠰᠦᠭ ︾ ᠭᠷᠦ᠋ᠫ ᠤᠨ ︽ᠮᠥᠩᠬᠡ ᠰᠫᠣᠷᠲ ᠲᠥᠪ︾᠍ ᠡᠴᠡ ᠰᠠᠨᠠᠭᠠᠴᠢᠯᠠᠨ ︽ᠤᠯᠤᠰ ᠠᠶᠢᠮᠠᠭ ᠤᠨ ᠠᠯᠳᠠᠷ ᠴᠣᠯᠠ ᠲᠠᠢ ᠪᠥᠬᠡᠴᠦᠳ ᠦᠨ ᠰᠠᠭᠰᠤᠨ ᠪᠥᠮᠪᠥᠭᠡ ᠶᠢᠨ ᠯᠢᠭ︾᠍ ᠦᠨ ᠲᠡᠮᠡᠴᠡᠭᠡᠨ ᠢ ᠵᠣᠬᠢᠶᠠᠨ ᠪᠠᠶᠢᠭᠤᠯᠬᠤ ᠪᠠᠷ ᠪᠣᠯᠵᠠᠢ᠃ ᠤᠯᠤᠰ᠂ ᠠᠶᠢᠮᠠᠭ ᠤᠨ ᠠᠯᠳᠠᠷ ᠴᠣᠯᠠ ᠲᠠᠢ ᠪᠥᠬᠡᠴᠦᠳ ᠦᠨ ᠰᠠᠭᠰᠤᠨ ᠪᠥᠮᠪᠥᠭᠡ ᠪᠡᠷ ᠬᠢᠴᠢᠶᠡᠯᠯᠡᠬᠦ ᠰᠣᠨᠢᠷᠬᠠᠯ ᠢ ᠨᠡᠮᠡᠭᠳᠡᠭᠦᠯᠬᠦ᠂ ᠤᠷ᠎ᠠ ᠴᠢᠳᠠᠪᠤᠷᠢ ᠶᠢ ᠳᠡᠭᠡᠭᠰᠢᠯᠡᠭᠦᠯᠬᠦ᠂ ᠬᠠᠮᠲᠤ ᠣᠯᠠᠨ ᠤ ᠠᠭᠤᠷ ᠠᠮᠢᠰᠬᠤᠯ ᠢ ᠰᠠᠶᠢᠵᠢᠷᠠᠭᠤᠯᠬᠤ᠂ ᠪᠠᠭ ᠤᠨ ᠰᠫᠣᠷᠲ ᠢ ᠬᠥᠭᠵᠢᠭᠦᠯᠬᠦ ᠵᠣᠷᠢᠯᠭ᠎ᠠ ᠲᠠᠢ ᠡᠨᠡᠬᠦ ᠲᠡᠮᠡᠴᠡᠭᠡᠨ ᠢ ᠤᠯᠠᠨ ᠤᠯᠤᠰ ᠍ ᠤᠨ ᠰᠠᠭᠰᠤᠨ ᠪᠥᠮᠪᠥᠭᠡ ᠶᠢᠨ ᠬᠣᠯᠪᠣᠭᠠᠨ ᠤ ᠳᠦᠷᠢᠮ ᠦᠨ ᠳᠠᠭᠠᠤ ᠵᠢᠷᠭᠤᠭᠠᠨ ᠮᠢᠨᠦ᠋ᠲ ᠢᠶᠠᠷ᠂ ᠳᠥᠷᠪᠡᠨ ᠦᠶ᠎ᠡ ᠲᠣᠭᠯᠠᠬᠤ ᠵᠢᠷᠤᠮ ᠢᠶᠠᠷ ᠵᠣᠬᠢᠶᠠᠨ ᠪᠠᠶᠢᠭᠤᠯᠤᠨ᠎ᠠ᠃
ᠡᠨᠡ ᠲᠡᠮᠡᠴᠡᠭᠡᠨ ᠳᠦ ᠨᠢᠭᠡ ᠠᠶᠢᠮᠠᠭ ᠠᠴᠠ ᠬᠡᠳᠦᠨ ᠴᠤ ᠪᠠᠭ ᠤᠷᠤᠯᠴᠠᠬᠤ ᠪᠣᠯᠤᠮᠵᠢ ᠲᠠᠢ ᠪᠥᠭᠡᠳ ᠪᠠᠭ ᠤᠨ ᠡᠵᠡᠨ᠂ ᠳᠠᠰᠬᠠᠯᠵᠢᠭᠤᠯᠤᠭᠴᠢ᠂ 10 ᠲᠣᠭᠯᠠᠭᠴᠢ ᠶᠢᠨ ᠪᠦᠷᠢᠯᠳᠦᠬᠦᠨ ᠲᠡᠢ ᠪᠠᠶᠢᠬᠤ ᠶᠤᠮ᠃ ᠪᠠᠭ ᠲᠤᠰ ᠪᠦᠷᠢ 800 ᠮᠢᠩᠭᠠᠨ ᠲᠥᠭᠥᠷᠢᠭ ᠦᠨ ᠱᠠᠩᠨᠠᠯ ᠲᠠᠢ ᠪᠥᠭᠡᠳ ᠲᠦᠷᠦᠭᠦᠦ ᠪᠠᠭ ᠠᠯᠲᠠᠨ ᠮᠧᠳᠠᠯ᠂ ᠮᠥᠩᠭᠥᠨ ᠱᠠᠩᠨᠠᠯ᠂ ᠰᠢᠯᠵᠢᠨ ᠶᠠᠪᠤᠬᠤ ᠴᠣᠮᠣ᠂ ᠳᠡᠳ᠋ ᠪᠠᠶᠢᠷᠢ ᠮᠥᠩᠭᠥᠨ ᠮᠧᠳᠠᠯ᠂ ᠮᠥᠩᠭᠥᠨ ᠱᠠᠩᠨᠠᠯ᠂ ᠭᠤᠲᠠᠭᠠᠷ ᠪᠠᠶᠢᠷᠢ ᠬᠦᠷᠡᠯ ᠮᠧᠳᠠᠯ᠂ ᠮᠥᠩᠭᠥᠨ ᠱᠠᠩᠨᠠᠯ ᠭᠠᠷᠳᠠᠨ᠎ᠠ᠃ ᠡᠨᠡᠬᠦ ᠲᠡᠮᠡᠴᠡᠭᠡᠨ ᠳᠥᠷᠪᠡᠳᠦᠭᠡᠷ ᠰᠠᠷ᠎ᠠ ᠶᠢᠨ 22-29 ᠳᠤ ︽ᠮᠥᠩᠬᠡ ᠶᠢᠨ ᠦᠰᠦᠭ ︾ ᠭᠷᠦ᠋ᠫ ᠤᠨ ︽ᠮᠥᠩᠬᠡ ᠰᠫᠣᠷᠲ ᠲᠥᠪ︾ ᠲᠤ ᠪᠣᠯᠤᠨ᠎ᠠ᠃