ᠮᠣᠩᠭᠣᠯ ᠤᠯᠤᠰ ᠤᠨ ᠲᠠᠮᠢᠷᠴᠢᠳ ᠣᠢ ᠲᠣᠭᠲᠠᠭᠠᠯᠲᠠ ᠶᠢᠨ ᠰᠫᠣᠷᠲ ᠢᠶᠠᠷ ᠳᠡᠯᠡᠬᠡᠢ ᠳᠦ ᠲᠡᠷᠢᠭᠦᠯᠡᠳᠡᠭ ᠪᠢᠯᠡ᠃ ᠮᠣᠩᠭᠣᠯ ᠤᠨ ᠣᠶᠤᠨ ᠤᠬᠠᠭᠠᠨ ᠤ ᠠᠺᠠᠳᠧᠮᠢ 2010 ᠣᠨ ᠳᠤ ᠪᠠᠶᠢᠭᠤᠯᠤᠭᠳᠠᠭᠰᠠᠨ ᠴᠠᠭ ᠠᠴᠠ ᠬᠣᠶᠢᠰᠢ ᠥᠪᠡᠷᠰᠡᠳ ᠦᠨ ᠪᠡᠯᠡᠳᠬᠡᠭᠰᠡᠨ ᠪᠠᠭ ᠲᠠᠮᠢᠷᠴᠢᠳ ᠢᠶᠠᠷ ᠢᠶᠠᠨ ᠣᠯᠠᠨ ᠤᠯᠤᠰ ᠤᠨ ᠴᠢᠨᠠᠷᠲᠠᠢ ᠲᠡᠮᠡᠴᠡᠭᠡᠨ ᠳᠦ ᠤᠳᠠᠭ᠎ᠠ ᠳᠠᠷᠠᠭᠠᠯᠠᠨ ᠣᠷᠣᠯᠴᠠᠵᠤ᠂ ᠨᠡᠶᠢᠲᠡ 39 ᠣᠯᠠᠨ ᠤᠯᠤᠰ ᠤᠨ ᠴᠣᠯᠠ ᠲᠠᠢ ᠲᠠᠮᠢᠷᠴᠢᠳ ᠢ ᠲᠥᠷᠦᠭᠦᠯᠵᠦ᠂ 871 ᠮᠧᠳᠠᠯ᠂76 ᠴᠣᠮᠣ ᠬᠦᠷᠲᠡᠨ᠂ ᠳᠡᠯᠡᠬᠡᠢ ᠶᠢᠨ 30 ᠳᠡᠭᠡᠳᠦ ᠠᠮᠵᠢᠯᠲᠠ᠂ ᠭᠢᠨᠢᠰ ᠦᠨ ᠭᠤᠷᠪᠠᠨ ᠳᠡᠭᠡᠳᠦ ᠠᠮᠵᠢᠯᠲᠠ ᠶᠢ ᠡᠵᠡᠮᠰᠢᠵᠦ᠂ ᠤᠯᠤᠰ ᠣᠷᠣᠨ ᠤ ᠪᠠᠨ ᠨᠡᠷ᠎ᠡ ᠶᠢ ᠳᠡᠯᠡᠬᠡᠢ ᠳ᠋ᠠᠬᠢᠨ ᠳᠤ ᠥᠨᠳᠥᠷ ᠲᠦ ᠡᠷᠭᠦᠵᠦ ᠶᠠᠪᠤᠭ᠎ᠠ ᠶᠤᠮ᠃
ᠲᠡᠭᠡᠪᠡᠯ ᠮᠣᠩᠭᠣᠯ ᠤᠨ ᠣᠶᠤᠨ ᠤᠬᠠᠭᠠᠨ ᠤ ᠠᠺᠠᠳᠧᠮᠢ ᠠᠴᠠ ᠰᠠᠨᠠᠭᠠᠴᠢᠯᠠᠨ ︽ᠣᠢ ᠲᠣᠭᠲᠠᠭᠠᠯ ᠤᠨ ᠤᠯᠤᠰ ᠤᠨ ᠠᠪᠤᠷᠭᠤ ᠰᠢᠯᠭᠠᠷᠠᠭᠤᠯᠬᠤ ᠣᠶᠤᠨ ᠤ ᠰᠫᠣᠷᠲ ᠤᠨ ᠲᠡᠮᠡᠴᠡᠭᠡᠨ︾ ᠍ ᠢ ᠥᠩᠭᠡᠷᠡᠭᠰᠡᠨ 5-6 ᠍ ᠤ ᠡᠳᠦᠷ ᠦᠳ ᠲᠦ ᠶᠢᠰᠦᠳᠡᠬᠢ ᠵᠢᠯ ᠳᠦ ᠪᠡᠨ ᠠᠮᠵᠢᠯᠲᠠ ᠲᠠᠢ ᠵᠣᠬᠢᠶᠠᠨ ᠪᠠᠶᠢᠭᠤᠯᠤᠭᠠᠳ ᠪᠠᠶᠢᠨ᠎ᠠ᠃ ᠡᠨᠡ ᠤᠳᠠᠭ᠎ᠠ ᠶᠢᠨ ᠲᠡᠮᠡᠴᠡᠭᠡᠨ ᠳᠦ ᠣᠯᠠᠨ ᠤᠯᠤᠰ ᠤᠨ ᠮᠠᠰᠲ᠋ᠸᠷ 9᠂ ᠶᠡᠬᠡ ᠮᠠᠰᠲ᠋ᠸᠷ 3᠂ ᠣᠯᠠᠨ ᠤᠯᠤᠰ ᠤᠨ ᠶᠡᠬᠡ ᠮᠠᠰᠲ᠋ᠸᠷ 4 ᠪᠤᠶᠤ ᠨᠡᠶᠢᠲᠡ 16 ᠣᠯᠠᠨ ᠤᠯᠤᠰ ᠤᠨ ᠴᠣᠯᠠ ᠲᠠᠢ ᠲᠠᠮᠢᠷᠴᠢᠳ ᠣᠷᠣᠯᠴᠠᠭᠰᠠᠨ ᠪᠥᠭᠡᠳ ᠭᠢᠨᠢᠰ ᠦᠨ ᠳᠡᠭᠡᠳᠦ ᠠᠮᠵᠢᠯᠲᠠ ᠡᠵᠡᠮᠰᠢᠳᠡᠭ ᠡᠭᠡᠴᠢ ᠳᠡᠭᠦᠦ ᠢᠬᠡᠷ᠎ᠡ ᠲᠠᠮᠢᠷᠴᠢᠳ ᠪᠣᠯᠬᠤ ᠨ∙ᠮᠦᠩᠬᠡᠱᠢᠷᠤ᠂ ᠨ∙ᠡᠩᠬᠡᠱᠢᠷᠤ᠂ ᠥᠰᠪᠦᠷᠢ ᠶᠢᠨ ᠳᠡᠯᠡᠬᠡᠢ ᠶᠢᠨ ᠠᠪᠤᠷᠭᠤ᠂ ᠣᠯᠠᠨ ᠤᠯᠤᠰ ᠤᠨ ᠶᠡᠬᠡ ᠮᠠᠰᠲ᠋ᠸᠷ ᠡ᠊∙ᠯᠾᠠᠭᠪᠠᠳᠤᠯᠮᠠ᠂ ᠣᠯᠠᠨ ᠤᠯᠤᠰ ᠤᠨ ᠶᠡᠬᠡ ᠮᠠᠰᠲ᠋ᠸᠷ ᠡ᠊∙ᠫᠦᠷᠪᠦᠵᠠᠪ ᠲᠡᠷᠢᠭᠦᠲᠡᠢ 108 ᠲᠠᠮᠢᠷᠴᠢᠳ ᠣᠷᠣᠯᠴᠠᠵᠤ ᠠᠯᠲᠠ᠂ ᠮᠥᠩᠭᠥ᠂ ᠬᠦᠷᠡᠯ ᠮᠧᠳᠠᠯ ᠬᠦᠷᠲᠡᠵᠦ ᠰᠢᠯᠢᠳᠡᠭ ᠲᠠᠮᠢᠷᠴᠢᠳ ᠢᠶᠠᠨ ᠰᠢᠯᠭᠠᠷᠠᠭᠤᠯᠤᠯ᠎ᠠ᠃