ᠵᠠᠪᠬᠠᠨ ᠳᠤ ᠵᠠᠪᠬᠠᠨ ᠪᠤᠭᠤᠷᠤᠯ ᠢᠮᠠᠭᠠᠨ ᠤ ᠡᠭᠦᠯᠳᠡᠷ ᠣᠮᠤᠭ ᠤᠨ ᠮᠠᠯ ᠤᠨ ᠤᠳᠤᠮ ᠤᠨ ᠰᠠᠩ ᠢ ᠬᠠᠮᠠᠭᠠᠯᠠᠬᠤ ᠶᠢᠨ ᠲᠤᠯᠠᠳᠠ ᠴᠥᠮ᠎ᠡ ᠰᠦᠷᠦᠭ ᠬᠡᠯᠪᠡᠷᠢ ᠪᠡᠷ ᠦᠷᠡᠵᠢᠭᠦᠯᠵᠦ ᠪᠠᠶᠢᠨ᠎ᠠ᠃ ᠵᠠᠪᠬᠠᠨ ᠤ ᠳᠥᠷᠪᠡᠯᠵᠢᠨ᠂ ᠠᠯᠳᠠᠷᠬᠠᠭᠠᠨ᠂ ᠤᠷᠭᠤᠮᠠᠯ᠂ ᠵᠠᠪᠬᠠᠨ ᠮᠠᠨᠳᠠᠯ᠂ ᠡᠷᠳᠡᠨᠢᠬᠠᠶᠢᠷᠬᠠᠨ᠂ ᠴᠠᠭᠠᠨᠴᠢᠯᠠᠭᠤᠲᠤ᠂ ᠴᠠᠭᠠᠨᠬᠠᠶᠢᠷᠬᠠᠨ᠂ ᠴᠡᠴᠡᠨ-ᠠᠭᠤᠯᠠ ᠰᠤᠮᠤᠨ ᠳᠤ ᠡᠶᠢᠮᠦ ᠡᠭᠦᠯᠳᠡᠷ ᠦᠨ 410000 ᠢᠮᠠᠭ᠎ᠠ ᠶᠢ ᠨᠤᠯᠤᠤᠷ ᠂ ᠮᠢᠬᠠᠨ ᠤ ᠴᠢᠭᠯᠡᠯ ᠢᠶᠡᠷ ᠦᠷᠡᠵᠢᠭᠦᠯᠵᠦ ᠪᠠᠶᠢᠭ᠎ᠠ ᠠᠵᠠᠢ᠃ ᠲᠡᠭᠦᠨ ᠦ ᠳᠣᠲᠣᠷ᠎ᠠ ᠴᠦᠮ᠎ᠡ ᠰᠦᠷᠦᠭ ᠦᠨ ᠢᠮᠠᠭ᠎ᠠ ᠨᠢ 173000᠂ ᠴᠥᠮ᠎ᠡ ᠶᠢᠨ ᠴᠥᠮ᠎ᠡ ᠪᠣᠯᠤᠭᠰᠠᠨ 84000 ᠢᠮᠠᠭ᠎ᠠ ᠳᠥᠷᠪᠡᠯᠵᠢᠨ ᠰᠤᠮᠤᠨ ᠳᠤ ᠪᠠᠶᠢᠭ᠎ᠠ ᠠᠴᠠ 50000 ᠣᠷᠴᠢᠮ ᠨᠢ ᠦᠷᠡᠵᠢᠯ ᠦᠨ ᠬᠢ ᠶᠤᠮ ᠪᠠᠶᠢᠨ᠎ᠠ᠃
ᠪᠤᠭᠤᠷᠤᠯ ᠢᠮᠠᠭᠠᠨ ᠤ ᠨᠤᠯᠤᠤᠷ ᠤᠨ ᠤᠷᠲᠤ 5.6-6.8 ᠰᠠᠨᠲ᠋ᠢᠮᠧᠲ᠋ᠷ᠂ ᠨᠤᠯᠤᠤᠷ ᠤᠨ ᠭᠣᠣᠯᠴᠢ 13.7-14.2 ᠮᠢᠯᠮᠢᠺᠷᠣᠨ ᠨᠠᠷᠢᠨ ᠨᠤᠯᠤᠤᠷ ᠲᠠᠢ ᠃ ᠨᠤᠯᠤᠤᠷ ᠤᠨ ᠭᠠᠷᠴᠠ ᠪᠤᠰᠤᠳ ᠢᠮᠠᠭᠠᠨ ᠠᠴᠠ ᠳᠤᠮᠳᠠᠴᠢ ᠪᠠᠷ 69-110 ᠭᠷᠠᠮ ᠢᠶᠠᠷ ᠢᠯᠡᠭᠦᠦ ᠶᠤᠮ᠃ ᠮᠥᠨ ᠮᠢᠬᠠᠨ ᠤ ᠴᠢᠭᠯᠡᠯ ᠦᠨ ︽ᠵᠠᠪᠬᠠᠨ-ᠪᠤᠭᠤᠷᠤᠯ︾ ᠡᠭᠦᠯᠳᠡᠷ ᠨᠢ ᠪᠤᠰᠤᠳ ᠢᠮᠠᠭᠠᠨ ᠠᠴᠠ 3-8 ᠺᠢᠯᠦᠭᠷᠡᠮ ᠢᠯᠡᠭᠦᠦ ᠵᠢᠩ ᠲᠡᠢ ᠠᠵᠠᠢ᠃