ᠮᠣᠩᠭᠣᠯ ᠤᠯᠤᠰ ᠤᠨ ᠵᠠᠰᠠᠭ ᠤᠨ ᠭᠠᠵᠠᠷ ᠠᠴᠠ 2019 ᠣᠨ ᠢ ︽ ᠡᠬᠡ ᠤᠷᠤᠨᠴᠢ ᠬᠤᠳᠠᠯᠳᠤᠨ ᠠᠪᠤᠯᠲᠠ ᠶᠢᠨ ᠵᠢᠯ ︾ ᠪᠣᠯᠭᠠᠨ ᠵᠠᠷᠯᠠᠵᠤ᠂ ᠳᠣᠲᠣᠭᠠᠳᠤ ᠳᠤ ᠪᠠᠨ ᠦᠢᠯᠡᠳᠪᠦᠷᠢᠯᠡᠭᠰᠡᠨ᠂ ᠴᠢᠨᠠᠷ ᠰᠲ᠋ᠠᠨᠳᠠᠷᠲ ᠤᠨ ᠱᠠᠭᠠᠷᠳᠠᠯᠭ᠎ᠠ ᠬᠠᠩᠭᠠᠭᠰᠠᠨ᠂ ᠲᠣᠬᠢᠷᠠᠯ ᠤᠨ ᠪᠠᠲᠤᠯᠠᠭ᠎ᠠ ᠲᠠᠢ 155 ᠨᠡᠷ᠎ᠡ ᠲᠥᠷᠥᠯ ᠦᠨ ᠪᠠᠷᠠᠭ᠎ᠠ ᠪᠦᠲᠦᠭᠡᠭᠳᠡᠬᠦᠨ ᠦ ᠵᠢᠭᠰᠠᠭᠠᠯᠲᠠ ᠶᠢ ᠪᠠᠲᠤᠯᠠᠭᠰᠠᠨ᠃ ᠲᠡᠳᠡᠭᠡᠷ ᠢ ᠠᠯᠢᠪᠠ ᠲᠧᠨᠳᠧᠷ ᠦᠨ ᠦᠨᠳᠦᠰᠦᠨ ᠨᠥᠬᠥᠴᠡᠯ ᠪᠣᠯᠭᠠᠨ ᠬᠤᠳᠠᠯᠳᠤᠨ ᠠᠪᠬᠤ ᠪᠣᠳᠣᠯᠭ᠎ᠠ ᠪᠠᠷᠢᠮᠲᠠᠯᠠᠬᠤ ᠪᠠᠷ ᠲᠣᠭᠲᠠᠭᠰᠠᠨ᠃
ᠵᠠᠰᠠᠭ ᠤᠨ ᠭᠠᠵᠠᠷ ᠠᠴᠠ ᠬᠡᠷᠡᠭᠵᠢᠭᠦᠯᠵᠦ ᠪᠤᠢ ᠡᠨᠡ ᠪᠣᠳᠣᠯᠭ᠎ᠠ ᠶᠢᠨ ᠬᠦᠷᠢᠶᠡᠨ ᠳᠦ ᠳᠣᠲᠣᠭᠠᠳᠤ ᠶᠢᠨ ᠦᠢᠯᠡᠳᠪᠦᠷᠢ ᠡᠷᠬᠢᠯᠡᠭᠴᠢᠳ ᠢ ᠲᠥᠷᠥ ᠶᠢᠨ ᠪᠠᠶᠢᠭᠤᠯᠤᠯᠭ᠎ᠠ ᠲᠠᠢ ᠬᠤᠯᠪᠤᠬᠤ᠂ ᠪᠠᠷᠠᠭ᠎ᠠ ᠪᠦᠲᠦᠭᠡᠭᠳᠡᠬᠦᠨ ᠢ ᠲᠠᠨᠢᠯᠴᠠᠭᠤᠯᠬᠤ ︽ᠡᠬᠡ ᠣᠷᠣᠨᠴᠢ ᠬᠤᠳᠠᠯᠳᠤᠨ ᠠᠪᠤᠯᠲᠠ-ᠦᠨᠳᠦᠰᠦᠨ ᠦ ᠦᠢᠯᠡᠳᠪᠦᠷᠢᠯᠡᠯ-2019︾ ᠦᠵᠡᠰᠬᠦᠯᠡᠩ ᠢ ᠥᠨᠥᠳᠥᠷ ︵2019.04.02 ︶ ︽ᠮᠢᠰᠢᠶᠡᠯ ᠡᠺᠰᠫᠣ ︾ ᠲᠥᠪ ᠲᠦ ᠵᠣᠬᠢᠶᠠᠨ ᠪᠠᠶᠢᠭᠤᠯᠵᠤ ᠪᠠᠶᠢᠨ᠎ᠠ᠃ ᠦᠵᠡᠰᠬᠦᠯᠡᠩ ᠳᠦ 150 ᠣᠷᠴᠢᠮ ᠦᠢᠯᠡᠳᠪᠦᠷᠢ ᠡᠷᠬᠢᠯᠡᠭᠴᠢᠳ᠂ 50 ᠭᠠᠷᠤᠢ ᠲᠥᠷᠥ ᠶᠢᠨ ᠪᠠᠶᠢᠭᠤᠯᠤᠯᠭ᠎ᠠ ᠣᠷᠣᠯᠴᠠᠵᠤ ᠪᠠᠶᠢᠨ᠎ᠠ᠃ ᠳᠣᠲᠣᠭᠠᠳᠤ ᠶᠢᠨ ᠦᠢᠯᠡᠳᠪᠦᠷᠢ ᠡᠴᠡ ᠲᠥᠷᠥ ᠶᠢᠨ ᠬᠤᠳᠠᠯᠳᠤᠨ ᠠᠪᠤᠯᠲᠠ ᠬᠢᠬᠦ ᠬᠡᠮᠵᠢᠶ᠎ᠡ ᠨᠡᠮᠡᠭᠳᠡᠵᠦ ᠪᠠᠶᠢᠭ᠎ᠠ ᠶᠤᠮ ᠪᠠᠶᠢᠨ᠎ᠠ᠃ ᠲᠣᠳᠣᠷᠠᠭᠤᠯᠪᠠᠯ᠂ ᠳᠦᠷᠢᠮᠲᠤ ᠪᠣᠯᠤᠨ ᠠᠵᠢᠯ ᠤᠨ ᠬᠤᠪᠴᠠᠰᠤ᠂ ᠴᠡᠷᠢᠭ ᠠᠷᠮᠢ ᠶᠢᠨ ᠭᠤᠲᠤᠯ᠂ ᠰᠤᠷᠤᠭᠴᠢ ᠶᠢᠨ ᠰᠢᠷᠡᠭᠡ ᠰᠠᠨᠳᠠᠯᠢ᠂ ᠨᠣᠮ ᠰᠤᠷᠬᠤ ᠪᠢᠴᠢᠭ᠂ ᠪᠠᠷᠢᠯᠭ᠎ᠠ ᠶᠢᠨ ᠮᠠᠲ᠋ᠧᠷᠢᠶᠠᠯ᠂ ᠨᠡᠶᠢᠲᠡ ᠶᠢᠨ ᠬᠣᠭᠣᠯᠠᠨ ᠤ ᠲᠣᠨᠣᠭ ᠲᠥᠬᠥᠭᠡᠷᠦᠮᠵᠢ᠂ ᠣᠳᠣᠨ ᠲᠡᠮᠳᠡᠭ᠂ ᠴᠡᠷᠢᠭ ᠪᠣᠯᠤᠨ ᠴᠡᠴᠡᠷᠯᠢᠭ ᠦᠨ ᠬᠡᠦᠬᠡᠳ ᠦᠨ ᠭᠤᠳᠤᠰᠤ ᠬᠥᠨᠵᠢᠯᠡ᠂ ᠠᠬᠤᠢ ᠶᠢᠨ ᠬᠡᠷᠡᠭᠯᠡᠭᠡᠨ ᠦ ᠪᠦᠲᠦᠭᠡᠭᠳᠡᠬᠦᠨ ᠵᠡᠷᠭᠡ ᠪᠦᠲᠦᠭᠡᠭᠳᠡᠬᠦᠨ ᠢ ᠬᠤᠳᠠᠯᠳᠤᠨ ᠠᠪᠬᠤ ᠨᠢ ᠥᠰᠦᠭᠰᠡᠨ ᠪᠠᠶᠢᠨ᠎ᠠ᠃