ᠰᠠᠮᠪᠣ ᠪᠥᠬᠡ ᠶᠢ ᠦᠨᠳᠦᠰᠦᠯᠡᠭᠴᠢ ᠪᠠᠭᠰᠢ ᠨᠠᠷ ᠤᠨ ᠨᠢᠭᠡ ᠠᠨᠠᠲ᠋ᠣᠯᠢ ᠬᠠᠷᠯᠠᠮᠫᠢᠧᠪ ᠦᠨ ᠨᠡᠷᠡᠮᠵᠢᠲᠦ ︽ᠰᠠᠮᠪᠣ ᠪᠥᠬᠡ ᠶᠢᠨ ᠳᠡᠯᠡᠬᠡᠢ ᠶᠢᠨ ᠴᠣᠮᠣ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ︾ ᠮᠣᠰᠺᠸᠠ ᠬᠣᠲᠠ ᠳᠤ ᠪᠣᠯᠤᠯ᠎ᠠ᠃ ᠡᠨᠡ ᠤᠳᠠᠭ᠎ᠠ ᠶᠢᠨ ᠳᠡᠯᠡᠬᠡᠢ ᠶᠢᠨ ᠴᠣᠮᠣ ᠶᠢᠨ ᠲᠡᠮᠡᠴᠡᠭᠡᠨ ᠳᠦ FIAS ᠪᠤᠶᠤ ᠣᠯᠠᠨ ᠤᠯᠤᠰ ᠤᠨ ᠰᠠᠮᠪᠣ ᠪᠥᠬᠡ ᠶᠢᠨ ᠬᠣᠯᠪᠣᠭᠠᠨ ᠳᠤ ᠳᠠᠩᠰᠠ ᠲᠠᠢ 33 ᠣᠷᠣᠨ ᠤ 250 ᠲᠠᠮᠢᠷᠴᠢᠳ 27 ᠵᠢᠩ ᠳᠦ ᠥᠷᠢᠰᠦᠯᠳᠦᠪᠡ᠃
ᠡᠮᠡᠭᠲᠡᠶᠢᠴᠦᠳ ᠦᠨ 68 ᠺᠢᠯᠦᠭᠷᠡᠮ ᠦᠨ ᠵᠢᠩ ᠳᠦ ᠲᠤᠰ ᠲᠡᠮᠡᠴᠡᠭᠡᠨ ᠦ ᠥᠩᠭᠡᠷᠡᠭᠴᠢ ᠣᠨ ᠤ ᠠᠪᠤᠷᠭᠤ ᠼ∙ᠪᠠᠲᠤᠴᠡᠴᠡᠭ ᠠᠪᠤᠷᠭᠤ ᠶᠢᠨ ᠠᠯᠲᠠᠨ ᠮᠧᠳᠠᠯ ᠬᠦᠷᠲᠡᠵᠦ᠂ ᠬᠣᠱᠣᠢ ᠠᠪᠤᠷᠭᠤ ᠪᠣᠯᠪᠠ᠃ ᠡᠷᠡᠭᠲᠡᠶᠢᠴᠦᠳ ᠦᠨ 74 ᠺᠢᠯᠦᠭᠷᠡᠮ ᠦᠨ ᠵᠢᠩ ᠳᠦ ᠵᠣᠳᠣᠭᠯᠠᠭᠰᠠᠨ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠨ∙ᠬᠠᠳᠠᠪᠠᠭᠠᠲᠤᠷ ᠮᠥᠩᠭᠥ᠂ ᠡᠮᠡᠭᠲᠡᠶᠢᠴᠦᠳ ᠦᠨ 52 ᠺᠢᠯᠦᠭᠷᠡᠮ ᠳᠦ ᠬᠦᠴᠦ ᠰᠣᠷᠢᠭᠰᠠᠨ᠂ 2018 ᠣᠨ ᠤ ᠵᠠᠯᠠᠭᠤᠴᠤᠳ ᠤᠨ ᠳᠡᠯᠡᠬᠡᠢ ᠶᠢᠨ ᠠᠪᠤᠷᠭᠤ ᠶᠢᠨ ᠬᠦᠷᠡᠯ ᠮᠸᠳᠠᠯᠲᠤ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠪ∙ᠪᠠᠰᠠᠩᠬᠦᠦ᠂ ᠡᠷᠡᠭᠲᠡᠶᠢᠴᠦᠳ ᠦᠨ 90 ᠺᠢᠯᠦᠭᠷᠡᠮ ᠵᠢᠩ ᠳᠦ ᠪᠠᠷᠢᠯᠳᠤᠭᠰᠠᠨ ᠬ∙ᠴᠠᠭᠠᠨᠪᠠᠭᠠᠲᠤᠷ᠂ +100 ᠺᠢᠯᠦᠭᠷᠡᠮ ᠵᠢᠩ ᠳᠦ ᠥᠷᠢᠰᠦᠯᠳᠦᠭᠰᠡᠨ᠂ 2018 ᠣᠨ ᠤ ᠠᠽᠢᠶ᠎ᠠ ᠲᠢᠪ ᠦᠨ ᠠᠪᠤᠷᠭᠤ ᠳ∙ᠫᠦᠷᠪᠦᠳᠣᠷᠵᠢ ᠨᠠᠷ ᠬᠦᠷᠡᠯ ᠮᠧᠳᠠᠯ ᠲᠤᠰ ᠲᠤᠰ ᠬᠦᠷᠲᠡᠭᠰᠡᠨ ᠪᠠᠶᠢᠨ᠎ᠠ᠃