ᠶᠠᠫᠣᠨ ᠤ ᠮᠡᠷᠭᠡᠵᠢᠯ ᠦᠨ ᠰᠦᠮᠦᠦ ᠪᠥᠬᠡ ᠶᠢᠨ ᠬᠠᠪᠤᠷ ᠤᠨ ᠲᠡᠮᠡᠴᠡᠭᠡᠨ ᠡᠨᠡ ᠨᠢᠮ᠎ᠠ ᠭᠠᠷᠠᠭ ᠲᠤ ᠥᠨᠳᠥᠷᠯᠡᠭᠰᠡᠨ᠃ ᠭᠤᠷᠪᠠᠳᠤᠭᠠᠷ ᠰᠠᠷ᠎ᠠ ᠶᠢᠨ ᠪᠠᠱᠶᠤ᠋ ᠳᠤ 69 ᠳ᠋ᠡᠬᠢ ᠶᠡᠬᠡ ᠠᠪᠤᠷᠭᠤ ᠬᠠᠺᠤᠬᠤ᠋ ᠮ∙ᠳᠠᠸᠠᠵᠢᠷᠭᠠᠯ ᠡᠪᠦᠳᠦᠭ ᠰᠢᠷᠣᠶᠢᠳᠠᠯ ᠦᠭᠡᠢ 15 ᠳᠠᠪᠠᠵᠤ ᠲᠦᠷᠦᠭᠦᠯᠡᠭᠰᠡᠨ᠃ ᠲᠡᠷᠡ ᠪᠡᠷ ᠥᠩᠭᠡᠷᠡᠭᠰᠡᠨ 2018 ᠣᠨ ᠤ ᠶᠢᠰᠦᠳᠦᠭᠡᠷ ᠰᠠᠷ᠎ᠠ ᠶᠢᠨ ᠪᠠᠱᠶᠤ᠋ ᠳᠤ ᠮᠥᠨ ᠡᠪᠦᠳᠦᠭ ᠰᠢᠷᠣᠶᠢᠳᠠᠯ ᠦᠭᠡᠢ ᠲᠦᠷᠦᠭᠦᠯᠡᠭᠰᠡᠨ ᠶᠤᠮ᠃ ᠭᠡᠪᠡᠴᠦ ᠶᠡᠬᠡ ᠠᠪᠤᠷᠭᠤ ᠮ∙ᠳᠠᠸᠠᠵᠢᠷᠭᠠᠯ ᠤᠨ ᠰᠡᠭᠦᠯ ᠦᠨ ᠡᠳᠦᠷ ᠦᠨ ᠪᠠᠷᠢᠯᠳᠤᠭᠠᠨ ᠳᠤ ᠬᠠᠺᠤᠷᠤᠶᠤ᠋ ᠮ∙ᠠᠨᠠᠨᠳᠠ ᠲᠠᠢ ᠪᠠᠷᠢᠯᠳᠤᠬᠤ ᠦᠶ᠎ᠡ ᠪᠡᠷ ᠢᠶᠡᠨ ᠪᠠᠷᠠᠭᠤᠨ ᠭᠠᠷ ᠲᠤ ᠪᠠᠨ ᠪᠡᠷᠲᠡᠯ ᠠᠪᠤᠭᠰᠠᠨ᠃ ᠤᠷᠢᠳᠴᠢᠯᠠᠭᠰᠠᠨ ᠪᠠᠶᠢᠳᠠᠯ ᠢᠶᠠᠷ᠂ ᠶᠡᠬᠡ ᠠᠪᠤᠷᠭᠤ ᠶᠢᠨ ᠭᠠᠷ ᠤᠨ ᠰᠢᠷᠪᠦᠰᠦ ᠲᠠᠰᠤᠷᠠᠭᠰᠠᠨ ᠪᠠᠶᠢᠵᠤ ᠮᠠᠭᠠᠳ ᠦᠭᠡᠢ ᠭᠡᠰᠡᠨ ᠡᠮᠴᠢ ᠶᠢᠨ ᠳ᠋ᠦᠩᠨᠡᠯᠲᠡ ᠭᠠᠷᠤᠭᠰᠠᠨ ᠪᠠᠶᠢᠨ᠎ᠠ᠃