ᠵᠦᠴᠦᠭᠡᠴᠢᠨ ᠳ∙ᠭᠠᠩᠴᠡᠴᠡᠭ ᠂ ᠠ᠊∙ᠭᠠᠩᠴᠢᠮᠡᠭ ᠨᠠᠷ ︽ᠠᠷᠢᠮᠤᠨ︾ ᠫᠷᠤᠳᠠᠺᠱᠢᠨ ᠪᠠᠶᠢᠭᠤᠯᠵᠤ ᠂ ᠠᠩᠬᠠᠨ ᠤ ᠤᠷᠠᠨ ᠪᠦᠲᠦᠭᠡᠯ ᠦᠨ ᠢᠶᠡᠨ ᠨᠡᠭᠡᠭᠡᠯᠲᠡ ᠶᠢ ᠡᠨᠡ ᠰᠠᠷ᠎ᠠ ᠶᠢᠨ 29 ᠍ ᠤ ᠡᠳᠦᠷ ᠪᠤᠶᠤ ᠪᠠᠰᠠᠩ ᠭᠠᠷᠠᠭ ᠲᠤ ᠬᠢᠬᠦ ᠪᠡᠷ ᠪᠣᠯᠵᠠᠢ᠃ ᠲᠡᠳᠡᠨ ᠦ ᠠᠩᠬᠠᠨ ᠤ ᠤᠷᠠᠨ ᠪᠦᠲᠦᠭᠡᠯ ᠪᠣᠯᠬᠤ ︽ᠬᠠᠯᠠᠭᠤᠨ ᠵᠢᠷᠦᠬᠡ︾ ᠤᠷᠠᠨ ᠰᠠᠶᠢᠬᠠᠨ ᠤ ᠺᠢᠨᠤ᠋ ᠦᠵᠡᠭᠴᠢᠳ ᠦᠨ ᠬᠦᠷᠲᠡᠭᠡᠯ ᠪᠣᠯᠬᠤ ᠳᠤ ᠪᠡᠯᠡᠨ ᠪᠣᠯᠤᠭᠰᠠᠨ ᠪᠥᠭᠡᠳ ᠺᠢᠨᠤ᠋ ᠶᠢᠨ ᠳᠠᠭᠤᠤ ᠶᠢ Vocie Mongolia ᠱᠤᠸᠤ᠋ ᠶᠢᠨ ᠢᠯᠠᠭᠴᠢ ᠼ∙ᠡᠩᠭᠦᠨ ᠳᠠᠭᠤᠯᠠᠭᠰᠠᠨ ᠨᠢ ᠣᠯᠠᠨ ᠨᠡᠶᠢᠲᠡ ᠡᠴᠡ ᠥᠨᠳᠥᠷ ᠦᠨᠡᠯᠡᠭᠡ ᠠᠪᠤᠭᠠᠳ ᠪᠤᠢ᠃
ᠤᠷᠠᠨ ᠪᠦᠲᠦᠭᠡᠯᠴᠢᠳ ᠬᠦᠮᠦᠨ ᠠᠮᠢᠳᠤ ᠶᠠᠪᠤᠬᠤ ᠶᠢᠨ ᠤᠳᠬ᠎ᠠ ᠤᠴᠢᠷ᠂ ᠠᠮᠢᠳᠤᠷᠠᠬᠤ ᠶᠢᠨ ᠮᠥᠨ ᠴᠢᠨᠠᠷ ᠤᠨ ᠲᠤᠬᠠᠢ᠂ ᠠᠮᠢᠳᠤᠷᠠᠯ ᠤᠨ ᠳᠠᠪᠠᠭ᠎ᠠ ᠪᠦᠷᠢ ᠶᠢ ᠡᠮᠡᠭᠲᠡᠢ ᠬᠦᠮᠦᠨ ᠬᠡᠷᠬᠢᠨ ᠲᠤᠭᠤᠯᠵᠤ ᠪᠤᠢ ᠶᠢ ᠬᠠᠯᠠᠭᠤᠨ ᠢᠶᠠᠷ ᠥᠷᠨᠢᠭᠦᠯᠵᠦ᠂ ᠦᠵᠡᠭᠴᠢᠳ ᠢ ᠭᠠᠶᠢᠬᠠᠰᠢᠷᠠᠭᠤᠯᠬᠤ ᠠᠵᠠᠢ᠃ ᠲᠤᠰ ᠪᠦᠲᠦᠭᠡᠯ ᠦᠨ ᠪᠣᠭᠣᠨᠢ ᠲᠠᠨᠢᠯᠴᠠᠭᠤᠯᠭ᠎ᠠ ᠥᠨᠥᠳᠥᠷ ᠡᠴᠡ ᠣᠯᠠᠨ ᠨᠡᠶᠢᠲᠡ ᠶᠢᠨ ᠰᠦᠯᠵᠢᠶ᠎ᠡ ᠪᠡᠷ ᠰᠠᠴᠤᠭᠳᠠᠵᠤ ᠡᠬᠢᠯᠡᠭᠡᠳ ᠪᠠᠶᠢᠨ᠎ᠠ᠃
ᠵᠣᠬᠢᠶᠠᠯ ᠢ ᠠ᠊∙ᠭᠠᠩᠴᠢᠮᠡᠭ ᠪᠢᠴᠢᠵᠦ᠂ ᠳ∙ᠭᠠᠩᠴᠡᠴᠡᠭ ᠶᠡᠷᠦᠩᠬᠡᠢ ᠨᠠᠶᠢᠷᠠᠭᠤᠯᠤᠭᠴᠢ ᠪᠠᠷ ᠠᠵᠢᠯᠯᠠᠭᠰᠠᠨ ᠠᠵᠢ᠃ ᠵᠦᠴᠦᠭᠡᠴᠢᠨ ᠪ∙ᠲᠠᠮᠢᠷ ︽ᠬᠠᠯᠠᠭᠤᠨ ᠵᠢᠷᠦᠬᠡ︾ ᠤᠷᠠᠨ ᠰᠠᠶᠢᠬᠠᠨ ᠤ ᠺᠢᠨᠤ᠋ ᠶᠢᠨ ᠭᠣᠣᠯ ᠳᠦᠷᠢ ᠳᠦ ᠲᠣᠭᠯᠠᠵᠠᠢ᠃