ᠰᠡᠭᠦᠯ ᠦᠨ ᠦᠶ᠎ᠡ ᠳᠦ ᠹᠸᠢᠰᠪᠦ᠋ᠦᠺ ᠤᠷᠴᠢᠨ ᠳᠤ ︽ᠴᠢᠩᠭᠢᠰ ᠬᠠᠭᠠᠨ ᠦᠺᠷᠠᠶᠢᠨ ᠬᠦᠮᠦᠨ ᠪᠠᠶᠢᠵᠠᠢ︾ ᠭᠡᠰᠡᠨ ᠣᠷᠣᠰ ᠬᠡᠯᠡ ᠳᠡᠭᠡᠷᠡᠬᠢ ᠮᠡᠳᠡᠭᠡᠯᠡᠯ ᠶᠡᠬᠡᠬᠡᠨ ᠲᠦᠭᠡᠵᠦ ᠪᠠᠶᠢᠨ᠎ᠠ᠃ ︽ᠠᠨᠲ᠋ᠢᠹᠠᠱᠢᠰᠲ︾ ᠨᠡᠷ᠎ᠡ ᠲᠡᠢ ᠲᠸᠯᠸᠢᠰ ᠦᠨYUTUBE ᠬᠠᠭᠤᠳᠠᠰᠤᠨ ᠳᠦ ᠪᠡᠨ ᠨᠡᠶᠢᠲᠡᠯᠡᠭᠰᠡᠨ ᠡᠨᠡᠬᠦ ᠮᠡᠳᠡᠭᠡᠯᠡᠯ ᠠᠩᠬ᠎ᠠ 2017 ᠣᠨ ᠳᠤ ᠭᠠᠷᠴᠤ ᠪᠠᠶᠢᠪᠠ᠃
ᠮᠡᠳᠡᠭᠡᠯᠡᠯ ᠳᠦ ᠄ ︽ᠾᠠᠷᠢᠺᠤᠪ ᠤᠨ ᠲᠡᠦᠬᠡᠴᠢ ᠡᠷᠳᠡᠮᠲᠡᠨ ᠠᠯᠧᠺᠰᠠᠨᠳᠠᠷ ᠽᠢᠨᠤᠾᠤᠪ ᠱᠤᠤᠭᠢᠶᠠᠨ ᠲᠠᠷᠢᠭᠰᠠᠨ ᠨᠡᠭᠡᠭᠡᠯᠲᠡ ᠬᠢᠵᠡᠢ᠃ ᠲᠡᠷᠡᠪᠡᠷ ᠨᠤᠮ ᠳᠤ ᠪᠠᠨ ᠠᠯᠳᠠᠷᠲᠤ ᠴᠢᠩᠭᠢᠰ ᠬᠠᠭᠠᠨ ᠦᠺᠷᠠᠶᠢᠨ ᠬᠦᠮᠦᠨ ᠪᠠᠶᠢᠭᠰᠠᠨ ᠬᠡᠮᠡᠨ ᠪᠠᠲᠤᠯᠠᠭᠰᠠᠨ ᠪᠠᠶᠢᠨ᠎ᠠ᠃ 1227 ᠣᠨ ᠳᠤ ᠲᠠᠭᠠᠯᠠᠯ ᠲᠡᠭᠦᠰᠦᠭᠰᠡᠨ ᠴᠢᠩᠭᠢᠰ ᠬᠠᠭᠠᠨ ᠠᠽᠢᠶ᠎ᠠ ᠶᠢᠨ ᠶᠡᠬᠡᠩᠬᠢ ᠬᠡᠰᠡᠭ ᠢ ᠡᠵᠡᠯᠡᠨ᠂ ᠬᠡᠷᠴᠡᠭᠡᠢ ᠳᠠᠶᠢᠴᠢᠨ᠂ ᠡᠵᠡᠯᠡᠨ ᠲᠦᠷᠢᠮᠡᠭᠡᠶᠢᠯᠡᠭᠴᠢ ᠭᠡᠳᠡᠭ ᠢᠶᠡᠷ ᠢᠶᠡᠨ ᠲᠡᠦᠬᠡᠨ ᠳᠦ ᠦᠯᠡᠳᠡᠭᠰᠡᠨ ᠶᠤᠮ᠃ ᠲᠡᠦᠬᠡᠴᠢ ᠶᠢᠨ ᠪᠠᠲᠤᠯᠠᠵᠤ ᠪᠠᠶᠢᠭ᠎ᠠ ᠪᠠᠷ ᠴᠢᠩᠭᠢᠰ ᠬᠠᠭᠠᠨ ᠤ ᠡᠵᠢ ᠨᠢ ᠶᠸᠯᠸᠨᠠ ᠭᠡᠬᠦ ᠨᠡᠷ᠎ᠡ ᠲᠡᠢ ᠰᠯᠸ᠋ᠸᠨᠢᠶᠠ ᠡᠮᠡᠭᠲᠡᠢ᠂ ᠬᠠᠷᠢᠨ ᠡᠴᠢᠭᠡ ᠨᠢ ᠢᠰᠠᠺ ᠭᠡᠬᠦ ᠢᠪᠷᠡᠢ ᠪᠠᠶᠢᠭᠰᠠᠨ ᠭᠡᠨ᠎ᠡ᠃
ᠠᠭᠤᠤ ᠪᠠᠶᠢᠯᠳᠤᠨ ᠳᠠᠭᠠᠭᠤᠯᠤᠭᠴᠢ ᠮᠣᠩᠭᠣᠯ ᠳᠤ ᠲᠥᠷᠥᠭᠡ ᠦᠭᠡᠢ ᠂ ᠬᠠᠷᠢᠨ ᠣᠳᠣ ᠶᠢᠨ ᠦᠺᠷᠠᠶᠢᠨ ᠪᠠᠶᠢᠷᠢᠯᠠᠵᠤ ᠪᠠᠶᠢᠭ᠎ᠠ ᠨᠤᠲᠤᠭ ᠲᠤ᠂ ᠳ᠋ᠤᠨ᠂ ᠳ᠋ᠸᠨᠫᠸᠷ ᠦᠨ ᠳᠤᠮᠳᠠ ᠬᠠᠪᠢ ᠶᠢᠨ ᠭᠠᠵᠠᠷ ᠲᠤ ᠲᠦᠷᠦᠭᠰᠡᠨ ᠭᠡᠵᠦ ᠡᠷᠳᠡᠮᠲᠡᠨ ᠦᠵᠡᠵᠦ ᠪᠠᠶᠢᠭ᠎ᠠ ᠶᠤᠮ᠃ ᠲᠡᠭᠦᠨᠴᠢᠯᠡᠨ᠂ ᠴᠢᠩᠭᠢᠰ ᠬᠠᠭᠠᠨ ᠤ ᠲᠤᠬᠠᠢ ᠡᠷᠲᠡᠨ ᠦ ᠰᠤᠳᠤᠷ ᠪᠢᠴᠢᠭ᠂ ᠲᠡᠦᠬᠡ ᠶᠢ ᠰᠤᠳᠤᠯᠤᠭᠰᠠᠨ ᠤ ᠦᠨᠳᠦᠰᠦᠨ ᠳᠡᠭᠡᠷ᠎ᠡ ᠮᠣᠩᠭᠣᠯᠴᠤᠳ ᠠᠷᠪᠠᠨ ᠭᠤᠷᠪᠠᠳᠤᠭᠠᠷ ᠵᠠᠭᠤᠨ ᠳᠤ ᠣᠷᠣᠰ ᠲᠤ ᠢᠷᠡᠭᠡ ᠦᠭᠡᠢ᠂ ᠬᠠᠷᠢᠨ ᠲᠡᠳᠡ ᠡᠨᠳᠡ ᠡᠴᠡ ᠭᠠᠷᠤᠯᠲᠠᠢ ᠭᠡᠵᠦ ᠠᠯᠧᠺᠰᠠᠨᠳᠠᠷ ᠽᠢᠨᠤᠾᠤᠪ ᠳ᠋ᠦᠩᠨᠡᠵᠡᠢ︾ ᠭᠡᠰᠡᠨ ᠪᠠᠶᠢᠨ᠎ᠠ ᠃
ᠬᠠ ᠬᠠ ᠬᠠ 2019-03-26 66.181.176.51
ᠬᠠ ᠬᠠ ᠬᠠ ᠪᠠᠯᠠᠢ ᠶᠤᠮ