ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ᠂ ᠲᠥᠷᠥ ᠨᠡᠶᠢᠭᠡᠮ ᠤᠨ ᠨᠡᠷᠡᠲᠦ ᠵᠢᠳᠬᠦᠯᠲᠡᠨ ᠵᠠᠮᠰᠠᠷᠠᠩ ᠤᠨ ᠰᠠᠮᠪᠤᠤ ᠶᠢᠨ ᠮᠦᠽᠧᠢ ᠶᠢ ᠲᠥᠪ ᠠᠶᠢᠮᠠᠭ ᠤᠨ ᠪᠦᠷᠢᠨ ᠰᠤᠮᠤᠨ ᠳᠤ᠂ ᠦᠨᠳᠦᠰᠦᠨ ᠦ ᠪᠥᠬᠡ ᠶᠢᠨ ᠤᠯᠤᠰ ᠤᠨ ᠠᠪᠤᠷᠭᠤ ᠳ∙ᠬᠠᠳᠠᠪᠠᠭᠠᠲᠤᠷ ᠤᠨ ᠮᠦᠽᠧᠢ ᠶᠢ ᠤᠭᠲᠤᠭᠠᠯ ᠴᠠᠶᠢᠳᠠᠮ ᠰᠤᠮᠤᠨ ᠳᠤ ᠪᠠᠶᠢᠭᠤᠯᠵᠠᠢ᠃ ᠲᠥᠪ ᠠᠶᠢᠮᠠᠭ ᠤᠨ ᠪᠦᠷᠢᠨ ᠰᠤᠮᠤ ᠶᠢᠨ ᠨᠤᠲᠤᠭ ᠲᠤ ᠮᠡᠨᠳᠦᠯᠡᠭᠰᠡᠨ ᠵᠠᠮᠰᠠᠷᠠᠩ ᠤᠨ ᠰᠠᠮᠪᠤᠤ 1895 ᠣᠨ ᠳᠤ ᠲᠦᠷᠦᠭᠰᠡᠨ ᠶᠤᠮ᠃ ᠲᠡᠷᠡ ᠪᠡᠷ ᠪᠣᠭᠳᠠ ᠬᠠᠨ ᠠᠶᠢᠮᠠᠭ ᠪᠣᠯᠤᠨ ᠡᠮᠦᠨᠡᠭᠣᠪᠢ ᠠᠶᠢᠮᠠᠭ ᠤᠨ ᠳᠠᠷᠤᠭ᠎ᠠ᠂ ᠮᠠᠯ ᠲᠠᠷᠢᠶᠠᠯᠠᠩ ᠤᠨ ᠶᠠᠮᠤᠨ ᠳᠤ ᠬᠡᠯᠲᠡᠰ ᠦᠨ ᠳᠠᠷᠤᠭ᠎ᠠ ᠶᠢᠨ ᠠᠯᠪᠠ ᠬᠠᠰᠢᠵᠤ ᠪᠠᠶᠢᠭᠠᠳ 1937-1946 ᠣᠨ ᠳᠤ ᠵᠥᠪᠯᠡᠯᠲᠦ ᠬᠣᠯᠪᠣᠭᠠᠲᠤ ᠤᠯᠤᠰ ᠳᠦ ᠡᠯᠴᠢᠨ ᠰᠠᠶᠢᠳ ᠢᠶᠠᠷ ᠲᠣᠮᠢᠯᠠᠭᠳᠠᠨ ᠠᠵᠢᠯᠯᠠᠵᠠᠢ ᠃ ᠲᠡᠭᠦᠨ ᠦ ᠠᠯᠳᠠᠷ ᠭᠠᠪᠢᠶ᠎ᠠ ᠶᠢ ᠮᠥᠩᠬᠡᠵᠢᠭᠦᠯᠦᠨ ᠲᠥᠷᠥᠯᠬᠢ ᠨᠤᠲᠤᠭ ᠪᠣᠯᠬᠤ ᠪᠦᠷᠢᠨ ᠰᠤᠮᠤᠨ ᠳᠤ ︽ᠵ∙ᠰᠠᠮᠪᠤᠤ ᠶᠢᠨ ᠨᠡᠷᠡᠮᠵᠢᠲᠦ ᠮᠦᠽᠧᠢ ︾ ᠶᠢ ᠪᠠᠶᠢᠭᠤᠯᠤᠭᠰᠠᠨ ᠪᠠᠶᠢᠨ᠎ᠠ᠃ ᠮᠦᠽᠧᠢ ᠳᠦ ᠰᠠᠮᠪᠤᠤ ᠭᠤᠸᠠᠢ ᠶᠢᠨ ᠡᠳ᠋ᠯᠡᠵᠦ ᠬᠡᠷᠡᠭᠯᠡᠵᠦ ᠪᠠᠶᠢᠭᠰᠠᠨ ᠡᠳ᠋ ᠵᠦᠢᠯ᠂ ᠭᠡᠷᠡᠯ ᠵᠢᠷᠤᠭ᠂ ᠪᠢᠴᠢᠭ ᠪᠠᠷᠢᠮᠲᠠ᠂ ᠲᠡᠮᠳᠡᠭᠯᠡᠯ ᠦᠨ ᠳᠡᠪᠲᠡᠷ ᠵᠡᠷᠭᠡ 48 ᠳᠡᠰ ᠦᠨ 50 ᠰᠢᠷᠬᠡᠭ ᠦᠵᠡᠮᠦᠷᠢ᠂ ᠡᠳ᠋ ᠥᠯᠥᠭ ᠦᠨ ᠵᠦᠢᠯ ᠢ ᠬᠠᠳᠠᠭᠠᠯᠠᠵᠤ᠂ ᠢᠷᠭᠡᠳ ᠲᠦ ᠦᠵᠡᠭᠦᠯᠵᠦ ᠪᠠᠶᠢᠨ᠎ᠠ᠃
ᠦᠨᠳᠦᠰᠦᠨ ᠦ ᠪᠥᠬᠡ ᠶᠢᠨ ᠤᠯᠤᠰ ᠤᠨ ᠠᠪᠤᠷᠭᠤ ᠳ᠋ᠠᠭᠪᠠᠰᠡᠷᠡᠩ ᠦᠨ ᠬᠠᠳᠠᠪᠠᠭᠠᠲᠤᠷ 1951 ᠣᠨ ᠳᠤ ᠲᠥᠪ ᠠᠶᠢᠮᠠᠭ ᠤᠨ ᠤᠭᠲᠤᠭᠠᠯ ᠴᠠᠶᠢᠳᠠᠮ ᠰᠤᠮᠤ ᠶᠢᠨ ᠨᠤᠲᠤᠭ ᠲᠤ ᠲᠦᠷᠦᠵᠡᠢ᠃ 14 ᠨᠠᠰᠤᠨ ᠳᠤ ᠪᠠᠨ ᠬᠥᠩᠭᠡᠨ ᠠᠲᠯᠧᠲ᠋ᠢᠭ ᠤᠨ ᠰᠫᠣᠷᠲ ᠢᠶᠠᠷ ᠬᠢᠴᠢᠶᠡᠯᠯᠡᠵᠦ᠂ ᠬᠥᠩᠭᠡᠨ ᠠᠲᠯᠧᠲ᠋ᠢᠭ ᠤᠨ ᠤᠯᠤᠰ ᠤᠨ ᠰᠢᠭᠰᠢᠭᠡ ᠪᠠᠭ ᠤᠨ ᠲᠠᠮᠢᠷᠴᠢᠨ ᠪᠠᠶᠢᠴᠠᠢ᠃ ᠲᠡᠷᠡ ᠪᠡᠷ 1972 ᠣᠨ ᠳᠤ ᠵᠡᠭᠡᠷᠡᠨᠴᠡᠭ ᠰᠢᠳᠡᠯᠲᠡ ᠪᠡᠷ ᠮᠣᠩᠭᠣᠯ ᠤᠯᠤᠰ ᠤᠨ ᠮᠠᠰᠲ᠋ᠸᠷ ᠴᠣᠯᠠ ᠬᠠᠮᠠᠭᠠᠯᠠᠭᠰᠠᠨ ᠪᠠᠶᠢᠨ᠎ᠠ᠃ ᠠᠮᠧᠷᠢᠺᠠ ᠳᠦ 1975 ᠣᠨ ᠳᠤ ᠳᠡᠯᠡᠬᠡᠢ ᠶᠢᠨ ᠴᠣᠮᠣ ᠶᠢᠨ ᠠᠪᠤᠷᠭᠤ ᠶᠢᠨ ᠲᠥᠯᠦᠭᠡᠬᠢ ᠲᠡᠮᠡᠴᠡᠭᠡᠨ ᠳᠦ ᠣᠷᠣᠯᠴᠠᠵᠤ ᠶᠠᠪᠤᠵᠠᠢ᠃ ᠳ∙ᠬᠠᠳᠠᠪᠠᠭᠠᠲᠤᠷ ᠤᠨ ᠠᠯᠳᠠᠷ ᠭᠠᠪᠢᠶ᠎ᠠ ᠶᠢ ᠮᠥᠩᠬᠡᠵᠢᠭᠦᠯᠬᠦ ᠵᠣᠷᠢᠯᠭ᠎ᠠ ᠪᠠᠷ ᠲᠥᠷᠥᠯᠬᠢ ᠨᠤᠲᠤᠭ ᠲᠥᠪ ᠠᠶᠢᠮᠠᠭ ᠤᠨ ᠤᠭᠲᠤᠭᠠᠯ ᠴᠠᠶᠢᠳᠠᠮ ᠰᠤᠮᠤᠨ ᠳᠤ ᠨᠢ ︽ᠬᠠᠳᠠᠪᠠᠭᠠᠲᠤᠷ ᠤᠨ ᠨᠡᠷᠡᠮᠵᠢᠲᠦ ᠮᠦᠽᠧᠢ ︾ ᠶᠢ ᠪᠠᠶᠢᠭᠤᠯᠤᠭᠰᠠᠨ ᠪᠠᠶᠢᠨ᠎ᠠ ᠃ ᠮᠦᠽᠧᠢ ᠳᠦ ᠲᠡᠭᠦᠨ ᠦ ᠡᠳ᠋ᠯᠡᠵᠦ ᠬᠡᠷᠡᠭᠯᠡᠵᠦ ᠪᠠᠶᠢᠭᠰᠠᠨ ᠳᠡᠪᠡᠯ᠂ ᠭᠤᠲᠤᠯ᠂ ᠬᠤᠪᠴᠠᠰᠤ᠂ ᠣᠳᠣᠨ ᠮᠧᠳᠠᠯ᠂ ᠵᠡᠭᠡᠷᠡᠨᠴᠡᠭ᠂ ᠭᠡᠷᠡᠯ ᠵᠢᠷᠤᠭ ᠵᠡᠷᠭᠡ 46 ᠳᠡᠰ ᠦᠨ 194 ᠰᠢᠷᠬᠡᠭ ᠡᠳ᠋ ᠵᠦᠢᠯ ᠢ ᠬᠠᠳᠠᠭᠠᠯᠠᠵᠤ ᠪᠠᠶᠢᠨ᠎ᠠ ᠬᠡᠮᠡᠨ ᠲᠥᠪ ᠠᠶᠢᠮᠠᠭ ᠤᠨ ᠮᠦᠽᠧᠢ ᠶᠢᠨ ᠠᠷᠭ᠎ᠠ ᠵᠦᠢᠴᠢ ᠰ∙ᠰᠤᠪᠤᠳ ᠮᠡᠳᠡᠭᠡᠯᠡᠯ ᠥᠭᠭᠦᠯ᠎ᠡ᠃