ᠥᠨᠥ ᠵᠢᠯ ᠬᠤᠷᠳᠤᠨ ᠮᠣᠷᠢᠨ ᠤ ᠤᠯᠤᠰ ᠪᠣᠯᠤᠨ ᠪᠦᠰᠡ ᠶᠢᠨ ᠬᠠᠪᠤᠷ ᠤᠨ ᠤᠷᠤᠯᠳᠤᠭᠠᠨ ᠢ ᠵᠣᠬᠢᠶᠠᠨ ᠪᠠᠶᠢᠭᠤᠯᠤᠭ᠎ᠠ ᠦᠭᠡᠢ ᠶᠤᠮ᠃ 1996 ᠣᠨ ᠳᠤ ᠬᠡᠨᠲᠡᠢ ᠠᠶᠢᠮᠠᠭ ᠤᠨ ᠳᠡᠯᠭᠡᠷᠬᠠᠨ ᠳᠤ ᠠᠩᠬ᠎ᠠ ᠬᠢᠭᠰᠡᠨ ᠴᠠᠭ ᠠᠴᠠ ᠬᠠᠪᠤᠷ ᠤᠨ ᠤᠯᠤᠰ ᠤᠨ ᠪᠥᠰᠡ ᠶᠢᠨ ᠤᠷᠤᠯᠳᠤᠭᠠᠨ ᠥᠩᠭᠡᠷᠡᠭᠰᠡᠨ ᠵᠢᠯ ᠭᠤᠪᠢᠰᠦ᠋ᠮᠪᠤᠷ ᠲᠦ ᠪᠣᠯᠲᠠᠯ᠎ᠠ ᠲᠠᠰᠤᠷᠠᠯᠲᠠ ᠦᠭᠡᠢ ᠬᠢᠭᠳᠡᠵᠦ ᠪᠠᠶᠢᠪᠠ ᠃
ᠬᠠᠷᠢᠨ ᠳᠦᠩᠵᠢᠨᠭᠠᠷᠪᠣ ᠶᠢᠨ ᠤᠷᠤᠯᠳᠤᠭᠠᠨ ᠲᠠᠪᠤᠨ ᠰᠠᠷ᠎ᠠ ᠳᠤ ᠪᠣᠯᠵᠤ ᠮᠠᠭᠠᠳ ᠦᠭᠡᠢ ᠪᠠᠶᠢᠭ᠎ᠠ ᠠᠵᠠᠢ ᠃ ᠮᠣᠷᠢᠨ ᠤ ᠣᠯᠢᠮᠫ ᠶᠡᠬᠡ ᠬᠤᠷᠳᠤ-8 ᠤᠷᠤᠯᠳᠤᠭᠠᠨ ᠤᠯᠠᠮᠵᠢᠯᠠᠯ ᠶᠣᠰᠣᠭᠠᠷ ᠥᠨᠥ ᠵᠢᠯ ᠪᠣᠯᠤᠨ᠎ᠠ᠃ ᠵᠤᠨ ᠤ ᠤᠯᠤᠰ ᠤᠨ ᠪᠥᠰᠡ ᠶᠢᠨ ᠤᠷᠤᠯᠳᠤᠭᠠᠨ ᠪᠠᠶᠠᠨ-ᠥᠯᠥᠭᠡᠢ• ᠬᠥᠪᠰᠥᠭᠥᠯ ᠂ ᠪᠠᠶᠠᠨᠬᠣᠩᠭᠣᠷ᠂ ᠡᠮᠦᠨᠡᠭᠣᠪᠢ᠂ ᠭᠤᠪᠢᠰᠦ᠋ᠮᠪᠤᠷ ᠂ ᠳᠣᠷᠣᠨᠠᠲᠤ ᠠᠶᠢᠮᠠᠭ ᠲᠤ ᠪᠣᠯᠬᠤ ᠲᠤᠪ ᠭᠠᠷᠤᠭᠠᠳ ᠪᠠᠶᠢᠨ᠎ᠠ᠃ ᠮᠣᠩᠭᠣᠯ ᠤᠨ ᠤᠶᠠᠭᠠᠴᠢ ᠶᠢᠨ ᠡᠳᠦᠷ ᠲᠦ ᠵᠣᠷᠢᠭᠤᠯᠤᠭᠰᠠᠨ ᠤᠯᠠᠮᠵᠢᠯᠠᠯᠲᠤ ᠤᠷᠤᠯᠳᠤᠭᠠᠨ ᠨᠠᠢᠮᠠᠳᠤᠭᠠᠷ ᠰᠠᠷ᠎ᠠ ᠶᠢᠨ 9 ᠍ ᠳᠦ ᠪᠠᠶᠠᠨᠵᠢᠷᠭᠠᠯᠠᠩ ᠳᠤ ᠪᠣᠯᠤᠨ᠎ᠠ᠃