ᠮᠣᠩᠭᠣᠯ ᠴᠡᠷᠢᠭ ᠦᠨ ᠡᠳᠦᠷ᠂ ᠵᠡᠪᠰᠡᠭᠲᠦ ᠬᠦᠴᠦᠨ ᠦ 98 ᠵᠢᠯ ᠦᠨ ᠣᠢ ᠳᠤ ᠵᠣᠷᠢᠭᠤᠯᠵᠤ᠂ ᠰᠦᠬᠡᠪᠠᠭᠠᠲᠤᠷ ᠠᠶᠢᠮᠠᠭ ᠤᠨ ᠤᠭᠰᠠᠭᠠᠲᠠᠨ ᠤ ᠵᠦᠢ ᠶᠢᠨ ᠮᠦᠽᠧᠢ ︽ᠡᠷᠡᠴᠦᠳ ᠦᠨ ᠭᠤᠶᠤᠯᠠᠯ︾ ᠦᠵᠡᠰᠬᠦᠯᠡᠩ ᠭᠠᠷᠭᠠᠵᠤ ᠂ 200 ᠭᠠᠷᠤᠢ ᠦᠵᠡᠮᠦᠷᠢ ᠳᠡᠯᠭᠡᠭᠰᠡᠨ ᠪᠠᠶᠢᠨ᠎ᠠ᠃ ᠡᠨᠡ ᠲᠠᠯ᠎ᠠ ᠪᠠᠷ ᠤᠭᠰᠠᠭᠠᠲᠠᠨ ᠤ ᠵᠦᠢ ᠶᠢᠨ ᠮᠦᠽᠧᠢ ᠶᠢᠨ ᠮᠡᠷᠭᠡᠵᠢᠯᠲᠡᠨ ᠣ᠊∙ ᠭᠠᠨᠳᠢᠮ᠎ᠠ ᠠᠴᠠ ᠲᠣᠳᠣᠷᠠᠭᠤᠯᠬᠤ ᠳᠤ᠄ ᠡᠷᠡᠴᠦᠳ ᠦᠨ ᠭᠣᠶᠣᠯ ᠦᠵᠡᠰᠬᠦᠯᠡᠩ ᠢ ᠠᠩᠬ᠎ᠠ ᠤᠳᠠᠭ᠎ᠠ ᠭᠠᠷᠭᠠᠵᠤ ᠪᠠᠶᠢᠭ᠎ᠠ᠃ ᠪᠢᠳᠡ ᠡᠮᠦᠨ᠎ᠡ ᠨᠢ ᠮᠣᠩᠭᠣᠯ ᠴᠡᠷᠢᠭ ᠦᠨ ᠡᠳᠦᠷ ᠲᠦ ᠵᠣᠷᠢᠭᠤᠯᠤᠭᠰᠠᠨ ᠦᠵᠡᠰᠬᠦᠯᠡᠩ ᠢ ᠬᠠᠤᠯᠢ ᠬᠦᠴᠦᠨ ᠦ ᠪᠠᠶᠢᠭᠤᠯᠤᠯᠭ᠎ᠠ ᠨᠤᠭᠤᠳ ᠲᠠᠢ ᠬᠠᠮᠲᠤᠷᠠᠳᠠᠭ ᠪᠠᠶᠢᠭᠰᠠᠨ ᠪᠣᠯ ᠡᠨᠡ ᠤᠳᠠᠭ᠎ᠠ ᠳᠤ ᠳᠠᠩ ᠥᠪᠡᠷ ᠦᠨ ᠰᠠᠩ ᠬᠥᠮᠦᠷᠭᠡ ᠪᠡᠷ ᠭᠠᠷᠭᠠᠵᠤ ᠪᠠᠶᠢᠨ᠎ᠠ᠃ ᠶᠡᠬᠡᠩᠬᠢ ᠦᠵᠡᠮᠦᠷᠢ ᠳᠠᠷᠢᠭᠠᠩᠭ᠎ᠠ ᠳᠠᠷᠬᠠᠴᠤᠤᠯ ᠤᠨ ᠤᠷᠠᠯᠠᠭᠰᠠᠨ ᠮᠥᠩᠭᠥᠨ ᠡᠳ᠋ᠯᠡᠯ ᠪᠠᠶᠢᠨ᠎ᠠ᠃ ᠮᠥᠩᠭᠥᠨ ᠠᠶᠠᠭ᠎ᠠ᠂ ᠡᠮᠡᠭᠡᠯ᠂ ᠲᠠᠰᠢᠭᠤᠷ᠂ ᠬᠡᠲᠡ ᠬᠢᠲᠤᠭ᠎ᠠ᠂ ᠴᠠᠬᠢᠭᠤᠷ ᠭᠡᠳ ᠬᠣᠪᠣᠷ ᠨᠠᠨᠳᠢᠨ ᠦᠵᠡᠮᠦᠷᠢ ᠨᠦᠭᠦᠳ ᠪᠤᠢ᠃ ᠦᠵᠡᠰᠬᠦᠯᠡᠩ ᠢ ᠠᠪᠤ᠂ ᠠᠬ᠎ᠠ᠂ ᠬᠦᠦ ᠲᠠᠢ ᠪᠡᠨ ᠵᠣᠷᠢᠨ ᠢᠷᠡᠵᠦ ᠦᠵᠡᠭᠰᠡᠨ ᠬᠦᠮᠦᠰ ᠢ ᠭᠠᠷ ᠤᠨ ᠪᠡᠯᠡᠭ ᠢᠶᠡᠷ ᠤᠷᠮᠠᠰᠢᠭᠤᠯᠵᠤ᠂ 18 ᠍ ᠠᠴᠠ ᠳᠡᠭᠡᠭᠰᠢ ᠰᠢᠷᠬᠡᠭ ᠲᠠᠰᠤᠯᠪᠤᠷᠢ ᠵᠠᠬᠢᠶᠠᠯᠠᠭᠰᠠᠨ ᠠᠯᠪᠠᠨ ᠪᠠᠶᠢᠭᠤᠯᠤᠯᠭ᠎ᠠ ᠳᠤ ᠬᠦᠷᠭᠡᠯᠲᠡ ᠶᠢᠨ ᠦᠢᠯᠡᠴᠢᠯᠡᠭᠡ ᠮᠥᠨ ᠦᠵᠡᠭᠦᠯᠵᠦ ᠪᠠᠶᠢᠨ᠎ᠠ ᠭᠡᠪᠡ᠃ ︽ᠡᠷᠡᠴᠦᠳ ᠦᠨ ᠭᠤᠶᠤᠯᠠᠯ︾ ᠦᠵᠡᠰᠬᠦᠯᠡᠩ 03 ᠳ᠋ᠤᠭᠠᠷ ᠰᠠᠷ᠎ᠠ ᠶᠢᠨ 14-27᠍ ᠤ ᠬᠣᠭᠣᠷᠣᠨᠳᠣ ᠨᠡᠭᠡᠭᠡᠯᠲᠡ ᠲᠡᠢ ᠪᠠᠶᠢᠨ᠎ᠠ᠃