ᠥᠪᠦᠷᠬᠠᠩᠭᠠᠢ ᠠᠶᠢᠮᠠᠭ ᠲᠤ ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ᠂ ᠳᠠᠷᠬᠠᠨ ᠠᠪᠤᠷᠭᠤ ᠳ∙ᠰᠡᠷᠡᠩᠲᠣᠭᠲᠠᠬᠤ ᠶᠢᠨ ᠨᠡᠷᠡᠮᠵᠢᠲᠦ ᠰᠫᠣᠷᠲ ᠤᠨ ᠣᠷᠳᠣᠨ ᠤ ᠳᠡᠷᠭᠡᠳᠡ ᠣᠯᠠᠨ ᠤᠯᠤᠰ ᠤᠨ ᠰᠲ᠋ᠠᠨᠳᠠᠷᠲ ᠲᠤ ᠨᠡᠶᠢᠴᠡᠭᠰᠡᠨ ᠪᠡᠯᠡᠳᠬᠡᠯ ᠦᠨ ᠲᠠᠩᠬᠢᠮ ᠢ ᠪᠠᠷᠢᠵᠤ ᠠᠰᠢᠭᠯᠠᠯᠲᠠ ᠳᠤ ᠣᠷᠣᠭᠤᠯᠤᠯ᠎ᠠ᠃ ᠥᠰᠪᠦᠷᠢ ᠶᠢᠨ ᠲᠠᠮᠢᠷᠴᠢᠳ ᠢ ᠪᠡᠯᠡᠳᠬᠡᠬᠦ᠂ ᠰᠫᠣᠷᠲ ᠤᠨ ᠰᠢᠭᠰᠢᠭᠡ ᠪᠠᠭ ᠢ ᠳᠡᠮᠵᠢᠬᠦ ᠵᠣᠷᠢᠯᠭ᠎ᠠ ᠪᠠᠷ 33X 24 ᠬᠠᠷᠢᠴᠠᠭ᠎ᠠ ᠲᠠᠢ ᠲᠠᠩᠬᠢᠮ ᠢ ︽ᠨᠠᠪᠲᠠᠭᠠᠷᠬᠠᠶᠢᠷᠬᠠᠨ︾ ᠺᠤᠮᠫᠠᠨᠢ ᠣᠷᠣᠨ ᠨᠤᠲᠤᠭ ᠤᠨ ᠲᠥᠰᠥᠪ ᠢᠶᠡᠷ ᠬᠢᠵᠦ ᠭᠦᠢᠴᠡᠳᠭᠡᠵᠡᠢ᠃ ᠲᠠᠩᠬᠢᠮ ᠤᠨ ᠨᠡᠭᠡᠭᠡᠯᠲᠡ ᠶᠢᠨ ᠦᠢᠯᠡ ᠠᠵᠢᠯᠯᠠᠭ᠎ᠠ ᠥᠩᠭᠡᠷᠡᠭᠴᠢ ᠠᠮᠠᠷᠠᠯᠲᠠ ᠶᠢᠨ ᠡᠳᠦᠷ ︵2019.03.10 ︶ ᠪᠣᠯᠤᠭᠰᠠᠨ ᠪᠠ ᠠᠶᠢᠮᠠᠭ ᠤᠨ ᠵᠠᠰᠠᠭ ᠳᠠᠷᠤᠭ᠎ᠠ ᠭ∙ᠭᠠᠩᠪᠣᠯᠣᠳ ᠬᠡᠯᠡᠭᠰᠡᠨ ᠦᠭᠡᠨ ᠳᠦ ᠪᠡᠨ ᠄ ᠪᠢᠳᠡ ᠠᠯᠳᠠᠷ ᠴᠤᠤᠲᠠᠢ ᠲᠠᠮᠢᠷᠴᠢᠳ ᠤᠨ ᠢᠶᠠᠨ ᠵᠠᠯᠭᠠᠮᠵᠢ ᠬᠠᠯᠠᠭ᠎ᠠ ᠶᠢ ᠪᠡᠯᠡᠳᠬᠡᠬᠦ᠂ ᠣᠯᠢᠮᠫ ᠤᠨ ᠰᠫᠣᠷᠲ ᠤᠨ ᠲᠥᠷᠥᠯ ᠦᠳ ᠢ ᠬᠥᠭᠵᠢᠭᠦᠯᠬᠦ᠂ ᠲᠠᠮᠢᠷᠴᠢᠳ ᠢᠶᠠᠨ ᠪᠡᠯᠡᠳᠬᠡᠯ ᠬᠢᠬᠦ ᠲᠠᠭᠠᠲᠠᠢ ᠣᠷᠴᠢᠨ ᠨᠥᠬᠥᠴᠡᠯ ᠢᠶᠡᠷ ᠬᠠᠩᠭᠠᠬᠤ ᠡᠭᠦᠳᠡᠨ ᠡᠴᠡ ᠲᠤᠰ ᠰᠫᠣᠷᠲ ᠲᠠᠩᠬᠢᠮ ᠢ ᠪᠠᠷᠢᠭᠰᠠᠨ ᠬᠡᠮᠡᠨ ᠣᠨᠴᠠᠯᠠᠯ᠎ᠠ᠃
ᠬᠡᠦᠬᠡᠳ ᠵᠠᠯᠠᠭᠤᠴᠤᠳ᠂ ᠢᠷᠭᠡᠳ ᠦᠨ ᠴᠢᠯᠦᠭᠡᠲᠦ ᠴᠠᠭ ᠢ ᠵᠥᠪ ᠪᠣᠯᠪᠠᠰᠤᠨ ᠥᠩᠭᠡᠷᠡᠭᠦᠯᠬᠦ᠂ ᠣᠯᠠᠨ ᠨᠡᠶᠢᠲᠡ ᠶᠢᠨ ᠳᠤᠮᠳᠠ ᠪᠡᠶ᠎ᠡ ᠶᠢᠨ ᠲᠠᠮᠢᠷ᠂ ᠰᠫᠣᠷᠲ ᠢ ᠬᠥᠭᠵᠢᠭᠦᠯᠬᠦ ᠳᠦ ᠠᠶᠢᠮᠠᠭ᠂ ᠣᠷᠣᠨ ᠨᠤᠲᠤᠭ ᠠᠴᠠ ᠣᠨᠴᠠᠭᠠᠢ ᠠᠩᠬᠠᠷᠴᠤ ᠂ ᠥᠩᠭᠡᠷᠡᠭᠴᠢ 2018 ᠣᠨ ᠳᠤ ᠠᠷᠪᠠᠶᠢᠬᠡᠭᠡᠷ ᠰᠤᠮᠤᠨ ᠳᠤ 3 ᠰᠫᠣᠷᠲ ᠲᠠᠩᠬᠢᠮ ᠢ ᠰᠢᠨ᠎ᠡ ᠪᠡᠷ ᠪᠠᠷᠢᠵᠤ᠂ ᠠᠰᠢᠭᠯᠠᠯᠲᠠ ᠳᠤ ᠣᠷᠣᠭᠤᠯᠤᠭᠠᠳ ᠪᠠᠶᠢᠨ᠎ᠠ᠃