ᠢᠰᠯᠠᠮ ᠤᠨ ᠪᠢᠽᠢᠨᠧᠰ ᠦᠨ ᠬᠣᠯᠪᠣᠭ᠎ᠠ ᠲᠠᠢ ᠬᠠᠮᠲᠤᠷᠠᠨ ᠠᠵᠢᠯᠯᠠᠨ᠎ᠠ | News.MN

ᠢᠰᠯᠠᠮ ᠤᠨ ᠪᠢᠽᠢᠨᠧᠰ ᠦᠨ ᠬᠣᠯᠪᠣᠭ᠎ᠠ ᠲᠠᠢ ᠬᠠᠮᠲᠤᠷᠠᠨ ᠠᠵᠢᠯᠯᠠᠨ᠎ᠠ

︽ᠲᠦᠮᠡᠨ ᠰᠢᠪᠠᠭᠤᠲᠤ︾ ᠺᠤᠮᠫᠠᠨᠢ 2021-2022 ᠣᠨ ᠠᠴᠠ ᠡᠬᠢᠯᠡᠨ ᠮᠠᠯ ᠪᠣᠷᠳᠣᠵᠤ᠂ ᠮᠢᠬ᠎ᠠ  ᠡᠺᠰᠫᠤᠷᠲᠯᠤᠬᠤ ᠲᠥᠰᠥᠯ ᠢ ᠬᠡᠷᠡᠭᠵᠢᠭᠦᠯᠬᠦ ᠪᠡᠷ ᠪᠤᠯᠵᠤ᠂ ᠬᠠᠮᠲᠤᠷᠠᠨ ᠠᠵᠢᠯᠯᠠᠬᠤ ᠰᠠᠨᠠᠯ ᠢ ᠢᠰᠯᠠᠮ ᠤᠨ ᠪᠢᠽᠢᠨᠧᠰ ᠦᠨ ᠬᠣᠯᠪᠣᠭ᠎ᠠ ᠲᠡᠳᠡᠨ ᠳᠤ ᠲᠠᠯᠪᠢᠭᠰᠠᠨ ᠪᠠᠶᠢᠨ᠎ᠠ᠃ ᠬᠠᠮᠲᠤᠷᠠᠨ ᠠᠵᠢᠯᠯᠠᠬᠤ ᠭᠡᠷ᠎ᠡ ᠶᠢ ᠡᠨᠡ ᠣᠨ ᠤ ᠲᠠᠪᠤᠳᠤᠭᠠᠷ ᠰᠠᠷ᠎ᠠ ᠳᠤ ᠦᠵᠦᠭᠯᠡᠬᠦ ᠪᠥᠭᠡᠳ ᠲᠡᠭᠦᠨ ᠡᠴᠡ ᠡᠮᠦᠨ᠎ᠡ ᠭᠡᠷ᠎ᠡ ᠶᠢᠨ ᠪᠡᠯᠡᠳᠭᠡᠯ ᠠᠵᠢᠯ ᠢ ᠬᠠᠩᠭᠠᠬᠤ ᠵᠣᠷᠢᠯᠭ᠎ᠠ ᠪᠠᠷ ᠥᠨᠥᠳᠥᠷ ᠰᠠᠨᠠᠮᠵᠢ ᠪᠢᠴᠢᠭ ᠲᠦ ᠭᠠᠷ ᠤᠨ ᠦᠰᠦᠭ ᠵᠢᠷᠤᠯ᠎ᠠ᠃
ᠯ∙ᠡᠷᠬᠢᠮᠪᠠᠶᠠᠷ᠄ ᠢᠰᠯᠠᠮ ᠤᠨ ᠪᠢᠽᠢᠨᠧᠰ ᠦᠨ ᠬᠣᠯᠪᠣᠭ᠎ᠠ ᠬᠠᠯᠠᠯ ᠠᠷᠭ᠎ᠠ ᠪᠠᠷ ᠮᠢᠬ᠎ᠠ ᠪᠡᠯᠡᠳᠬᠡᠬᠦ ᠦᠢᠯᠡᠳᠪᠦᠷᠢ ᠶᠢ ᠪᠠᠶᠢᠭᠤᠯᠬᠤ᠂ ᠮᠠᠯ ᠢ ᠮᠠᠯ ᠡᠮᠨᠡᠯᠭᠡ ᠬᠣᠷᠢᠭ᠎ᠠ ᠴᠡᠭᠡᠷ ᠦᠨ ᠪᠥᠰᠡ ᠳᠦ ᠪᠣᠷᠳᠣᠵᠤ᠂ ᠭᠠᠷᠤᠯ ᠡᠭᠦᠰᠦᠯ ᠢ ᠲᠣᠳᠣᠷᠬᠠᠢ ᠪᠣᠯᠭᠠᠵᠤ᠂ ᠮᠢᠬ᠎ᠠ ᠪᠡᠯᠡᠳᠬᠡᠬᠦ ᠴᠢᠭᠯᠡᠯ ᠢᠶᠡᠷ ᠪᠢᠳᠡᠨ ᠲᠡᠢ ᠬᠠᠮᠲᠤᠷᠠᠨ ᠠᠵᠢᠯᠯᠠᠬᠤ ᠰᠠᠨᠠᠯ ᠲᠠᠯᠪᠢᠭᠰᠠᠨ᠃ ᠬᠠᠮᠲᠤ ᠶᠢᠨ ᠠᠵᠢᠯᠯᠠᠭ᠎ᠠ ᠠᠮᠵᠢᠯᠲᠠᠲᠠᠢ ᠪᠣᠯᠪᠠᠯ 2021-2022 ᠣᠨ ᠳᠤ ᠬᠡᠷᠡᠭᠵᠢᠭᠦᠯᠵᠦ ᠡᠬᠢᠯᠡᠬᠦ ᠪᠡᠷ ᠲᠥᠯᠥᠪᠯᠡᠭᠰᠡᠨ ᠲᠥᠰᠥᠯ ᠦᠨ ᠴᠠᠭ ᠬᠤᠭᠤᠴᠠᠭ᠎ᠠ ᠨᠠᠭᠠᠰᠢᠯᠠᠵᠤ᠂ 2019-2020 ᠣᠨ ᠠᠴᠠ ᠬᠡᠷᠡᠭᠵᠢᠵᠦ ᠡᠬᠢᠯᠡᠬᠦ ᠪᠣᠯᠤᠮᠵᠢ ᠲᠠᠢ ᠪᠣᠯᠤᠨ᠎ᠠ ᠭᠡᠯ᠎ᠡ᠃  ᠳᠤᠮᠳᠠᠳᠤ ᠠᠽᠢᠶ᠎ᠠ ᠶᠢᠨ ᠬᠠᠯᠠᠯ ᠠᠷᠭ᠎ᠠ ᠪᠠᠷ ᠪᠡᠯᠡᠳᠬᠡᠭᠰᠡᠨ ᠬᠣᠨᠢᠨ ᠤ ᠮᠢᠬ᠎ᠠ ᠶᠢ ᠬᠡᠷᠡᠭᠯᠡᠳᠡᠭ ᠤᠯᠤᠰ ᠤᠳ ᠢ ᠨᠢᠭᠡᠳᠬᠡᠭᠰᠡᠨ ᠢᠰᠯᠠᠮ ᠤᠨ ᠪᠢᠽᠢᠨᠧᠰ ᠦᠨ ᠬᠣᠯᠪᠣᠭᠠᠨ ᠤ ᠲᠥᠯᠥᠭᠡᠯᠡᠭᠴᠢ᠄ ᠬᠠᠯᠠᠯ ᠠᠷᠭ᠎ᠠ ᠪᠠᠷ ᠪᠡᠯᠡᠳᠬᠡᠭᠰᠡᠨ ᠮᠢᠬ᠎ᠠ ᠮᠢᠬᠠᠨ ᠪᠦᠲᠦᠭᠡᠭᠳᠡᠬᠦᠨ ᠦ ᠲᠠᠯ᠎ᠠ ᠳᠡᠭᠡᠷ᠎ᠡ ᠬᠠᠮᠲᠤᠷᠠᠨ ᠠᠵᠢᠯᠯᠠᠬᠤ ᠪᠣᠯᠤᠮᠵᠢ ᠲᠠᠢ ᠺᠣᠮᠫᠠᠨᠢ ᠨᠤᠭᠤᠳ ᠢ ᠨᠢ ᠰᠤᠳᠤᠯᠬᠤ ᠳᠤ ᠬᠠᠮᠤᠭ ᠤᠨ ᠲᠣᠬᠢᠷᠠᠮᠵᠢᠲᠠᠢ ᠨᠢ ︽ᠲᠦᠮᠡᠨ ᠰᠢᠪᠠᠭᠤᠲᠤ︾ ᠭᠡᠵᠦ ᠲᠣᠳᠣᠷᠬᠠᠶᠢᠯᠠᠭᠳᠠᠭᠰᠠᠨ᠃ ᠤᠭ ᠺᠣᠮᠫᠠᠨᠢ ᠨᠢ ᠰᠢᠪᠠᠭᠤᠨ ᠤ᠂ ᠲᠡᠵᠢᠭᠡᠯ ᠦᠨ ᠠᠵᠤ ᠠᠬᠤᠢ᠂ ᠭᠠᠵᠠᠷ ᠲᠠᠷᠢᠶᠠᠯᠠᠩ ᠤᠨ ᠨᠥᠭᠡᠴᠡ ᠪᠣᠯᠤᠮᠵᠢ ᠲᠠᠢ ᠤᠴᠢᠷ ᠠᠴᠠ ᠬᠠᠮᠲᠤᠷᠠᠨ ᠠᠵᠢᠯᠯᠠᠬᠤ ᠪᠠᠷ ᠡᠷᠡᠮᠡᠯᠵᠡᠵᠦ ᠪᠠᠶᠢᠨ᠎ᠠ ᠬᠡᠮᠡᠪᠡ᠃

ᠰᠡᠳᠬᠢᠭᠳᠡᠯ ᠦᠯᠡᠳᠡᠭᠡᠬᠦ