ᠪᠠᠶᠠᠨᠬᠣᠩᠭᠣᠷ ᠠᠶᠢᠮᠠᠭ ᠠᠶᠠᠯᠠᠯ ᠵᠢᠭᠤᠯᠴᠢᠯᠠᠯ ᠡᠷᠬᠢᠯᠡᠵᠦ ᠪᠤᠢ ᠢᠷᠭᠡᠳ᠂ ᠪᠦᠯᠦᠭ ᠨᠥᠬᠥᠷᠯᠡᠯ᠂ ᠠᠵᠤ ᠠᠬᠤᠢ ᠶᠢᠨ ᠨᠢᠭᠡᠴᠡ ᠳᠦ 10 ᠰᠠᠶ᠎ᠠ ᠲᠥᠭᠥᠷᠢᠭ ᠬᠦᠷᠲᠡᠯᠡᠬᠢ ᠰᠠᠩᠬᠦᠦ ᠶᠢᠨ ᠳᠡᠮᠵᠢᠯᠭᠡ ᠣᠯᠭᠣᠬᠤ ᠵᠣᠷᠢᠯᠭ᠎ᠠ ᠪᠦᠬᠦᠢ ︽ᠠᠶᠠᠯᠠᠯ ᠵᠢᠭᠤᠯᠴᠢᠯᠠᠯ ᠤᠨ ᠬᠥᠷᠥᠩᠭᠡ ᠣᠷᠣᠭᠤᠯᠤᠯᠲᠠ ᠶᠢᠨ ᠲᠤᠰᠬᠠᠢ ᠰᠠᠩ︾᠍ ᠢ ᠪᠠᠶᠢᠭᠤᠯᠤᠭᠰᠠᠨ᠃
ᠲᠤᠰ ᠰᠠᠩ ᠲᠥᠰᠥᠯ ᠦᠨ ᠤᠷᠤᠯᠳᠤᠭᠠᠨ ᠵᠠᠷᠯᠠᠵᠤ 16 ᠲᠥᠰᠥᠯ ᠡᠴᠡ ᠨᠡᠷ᠎ᠡ ᠪᠦᠬᠦᠢ ᠲᠥᠰᠥᠯ ᠦᠳ ᠢ ᠰᠢᠯᠭᠠᠷᠠᠭᠤᠯᠵᠤ ᠂ ᠬᠦᠦ ᠦᠭᠡᠢ ᠪᠣᠯᠤᠨ ᠡᠷᠭᠢᠨ ᠲᠥᠯᠦᠯᠲᠡ ᠦᠭᠡᠢ ᠰᠠᠩᠬᠦᠦᠵᠢᠯᠲᠡ ᠣᠯᠭᠤᠵᠤ ᠪᠠᠶᠢᠭ᠎ᠠ ᠶᠤᠮ᠃ ᠭᠡᠬᠦ ᠳᠦ ᠪᠡᠨ ᠣᠯᠠᠨ ᠤᠯᠤᠰ ᠤᠨ ᠲᠥᠰᠥᠯ ᠬᠥᠲᠥᠯᠪᠦᠷᠢ ᠶᠢᠨ ᠵᠢᠭᠠᠪᠤᠷᠢ ᠵᠢᠷᠤᠮ ᠤᠨ ᠬᠦᠷᠢᠶᠡᠨ ᠳᠦ ᠲᠥᠰᠥᠯ ᠦᠨ ᠬᠡᠷᠡᠭᠵᠢᠯᠲᠡ ᠳᠦ ᠮᠠᠰᠢ ᠨᠠᠷᠢᠨ ᠬᠢᠨᠠᠯᠲᠠ ᠶᠢ ᠮᠡᠷᠭᠡᠵᠢᠯ ᠦᠨ ᠪᠠᠶᠢᠭᠤᠯᠤᠯᠭ᠎ᠠ ᠨᠤᠭᠤᠳ ᠲᠠᠯᠪᠢᠬᠤ ᠪᠠ ᠲᠥᠰᠥᠯ ᠦᠨ ᠰᠠᠩᠬᠦᠦᠵᠢᠯᠲᠡ ᠶᠢ ᠮᠥᠩᠭᠥᠨ ᠬᠡᠯᠪᠡᠷᠢ ᠪᠡᠷ ᠪᠤᠰᠤ ᠲᠥᠰᠥᠯ ᠳᠦ ᠪᠢᠴᠢᠭᠰᠡᠨ ᠱᠠᠭᠠᠷᠳᠠᠭᠳᠠᠬᠤ ᠮᠠᠲ᠋ᠧᠷᠢᠶᠠᠯ ᠲᠣᠨᠣᠭ ᠲᠥᠬᠥᠭᠡᠷᠦᠮᠵᠢ ᠶᠢ ᠨᠡᠶᠢᠯᠡᠭᠦᠯᠬᠦ ᠶᠤᠮ ᠪᠠᠶᠢᠨ᠎ᠠ᠃ ᠡᠶᠢᠨ ᠬᠦ ᠡᠨᠡ ᠣᠨ ᠳᠤ ᠪᠠᠶᠠᠨᠬᠣᠩᠭᠣᠷ ᠠᠶᠢᠮᠠᠭ ᠲᠤ ︽ ᠥᠪ ᠤᠷᠠᠯᠠᠯ᠂ ᠭᠠᠷ ᠤᠷᠠᠯᠠᠯ︾᠂ ︽ᠪᠠᠶᠠᠨᠬᠣᠩᠭᠣᠷ ᠲᠤ ᠦᠢᠯᠡᠳᠪᠦᠷᠢᠯᠡᠪᠡ︾ ᠂ ︽ ᠦᠵᠡᠮᠦᠷᠢ ᠪᠦᠬᠦᠢ ᠵᠣᠭᠣᠭ ᠤᠨ ᠥᠷᠭᠥᠭᠡ︾᠂ ︽ ᠮᠠᠨᠳᠤᠬᠠᠢ ᠵᠢᠭᠤᠯᠴᠢᠨ ᠤ ᠪᠠᠭᠠᠽ︾ ᠂ ︽ ᠳᠥᠰᠢ ᠨᠥᠬᠥᠷᠯᠡᠯ ︾᠂ ︽ᠰᠢᠷᠭᠠᠯ ᠵᠤᠤᠲᠤ ᠰᠠᠷᠯᠤᠭ ᠤᠨ ᠪᠤᠶᠠᠨ ︾᠂ ︽ ᠮᠣᠷᠢᠲᠠᠨ ᠮᠣᠩᠭᠣᠯ︾᠂ ︽ ᠣᠷᠣᠭ ᠨᠠᠭᠤᠷ᠂ ᠪᠣᠭᠳᠠ ᠪᠠᠶᠢᠭᠠᠯᠢ ᠬᠠᠮᠠᠭᠠᠯᠠᠬᠤ ᠲᠥᠰᠥᠯ︾ ᠂ ︽ᠭᠠᠩᠪᠠᠶᠢᠭᠠᠯᠢ ︾ ᠨᠡᠷ᠎ᠡ ᠲᠡᠢ ᠶᠢᠰᠦᠨ ᠲᠥᠰᠥᠯ ᠬᠡᠷᠡᠭᠵᠢᠬᠦ ᠪᠡᠷ ᠪᠣᠯᠤᠯ᠎ᠠ᠃