ᠮᠣᠩᠭᠣᠯ ᠤᠨ ᠪᠠᠶᠢᠲᠤ ᠬᠠᠷᠪᠤᠭᠠᠨ ᠤ ᠦᠨᠳᠦᠰᠦᠨ ᠦ ᠰᠢᠭᠰᠢᠭᠡ ᠪᠠᠭ ᠡᠨᠡ ᠰᠠᠷ᠎ᠠ ᠶᠢᠨ 19 ᠳᠦ ᠶᠠᠫᠣᠨ ᠤᠯᠤᠰ ᠢ ᠵᠣᠷᠢᠯ᠎ᠠ᠃ ᠲᠡᠳᠡ ᠶᠠᠫᠣᠨ ᠤ ᠪᠠᠶᠢᠲᠤ ᠬᠠᠷᠪᠤᠭᠠᠨ ᠤ ᠲᠠᠮᠢᠷᠴᠢᠳ ᠲᠠᠢ 18 ᠬᠣᠨᠣᠭ ᠬᠠᠮᠲᠤᠷᠠᠭᠰᠠᠨ ᠪᠡᠯᠡᠳᠬᠡᠯ ᠬᠢᠬᠦ ᠶᠤᠮ᠃ ᠮᠠᠨ ᠤ ᠪᠠᠭ ᠲᠠᠮᠢᠷᠴᠢᠳ ᠢ ᠶᠠᠫᠣᠨ ᠤ ᠣᠺᠠᠽᠠᠺᠢ ᠬᠣᠲᠠ ᠶᠢᠨ ᠳᠠᠷᠤᠭ᠎ᠠ ᠶᠠᠰᠤᠬᠢᠷᠤ᠋ ᠲᠡᠷᠢᠭᠦᠲᠡᠢ ᠲᠥᠯᠥᠭᠡᠯᠡᠭᠴᠢᠳ ᠫᠦᠷᠪᠦ ᠭᠠᠷᠠᠭ ᠲᠤ ᠬᠦᠯᠢᠶᠡᠨ ᠠᠪᠴᠦ ᠂ ᠮᠠᠨ ᠤ ᠲᠠᠮᠢᠷᠴᠢᠳ ᠲᠤ ᠴᠢᠨᠠᠭᠰᠢᠳᠠ ᠶᠢᠨ ᠪᠡᠯᠡᠳᠬᠡᠯ ᠰᠤᠷᠭᠠᠭᠤᠯᠢᠯᠲᠠ ᠪᠣᠯᠤᠨ ᠲᠡᠮᠡᠴᠡᠭᠡᠨ ᠳᠦ ᠪᠡᠨ ᠶᠡᠬᠡ ᠠᠮᠵᠢᠯᠲᠠ ᠭᠠᠷᠭᠠᠬᠤ ᠶᠢ ᠬᠦᠰᠡᠭᠰᠡᠨ ᠪᠠᠶᠢᠨ᠎ᠠ᠃
ᠲᠠᠮᠢᠷᠴᠢᠳ ᠳᠠᠷᠠᠭ᠎ᠠ ᠨᠢ ᠲᠠᠶᠢᠯᠠᠨᠳ᠋ ᠤᠯᠤᠰ ᠲᠤ ᠦᠷᠭᠦᠯᠵᠢᠯᠡᠭᠦᠯᠦᠨ ᠪᠡᠯᠡᠳᠬᠡᠯ ᠬᠢᠭᠡᠳ ᠭᠤᠷᠪᠠᠳᠤᠭᠠᠷ ᠰᠠᠷ᠎ᠠ ᠶᠢᠨ 24-31 ᠍ ᠳᠦ ᠠᠽᠢᠶ᠎ᠠ ᠲᠢᠪ ᠦᠨ ᠴᠣᠮᠣ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠤᠷᠤᠯᠴᠠᠬᠤ ᠶᠤᠮ᠃ ᠲᠤᠰ ᠲᠡᠮᠡᠴᠡᠭᠡᠨ ᠨᠢ ᠳᠥᠷᠪᠡᠨ ᠴᠤᠪᠤᠷᠠᠯ ᠪᠥᠭᠡᠳ ᠮᠠᠨ ᠤ ᠪᠠᠭ ᠲᠠᠮᠢᠷᠴᠢᠳ ᠡᠬᠢᠨ ᠦ ᠴᠤᠪᠤᠷᠠᠯ ᠲᠡᠮᠡᠴᠡᠭᠡᠨ ᠳᠦ ᠣᠷᠣᠯᠴᠠᠨ᠎ᠠ᠃ ᠮᠠᠨ ᠤ ᠲᠠᠮᠢᠷᠴᠢᠳ 2020 ᠣᠨ ᠤ ᠲᠤᠤᠺᠢᠤ᠋ ᠍ ᠶᠢᠨ ᠣᠯᠢᠮᠫ ᠠᠴᠠ ᠡᠮᠦᠨ᠎ᠡ ᠲᠤᠰ ᠤᠯᠤᠰ ᠲᠤ ᠭᠤᠷᠪᠠᠨ ᠤᠳᠠᠭ᠎ᠠ ᠬᠠᠮᠲᠤᠷᠠᠭᠰᠠᠨ ᠪᠡᠯᠡᠳᠬᠡᠯ ᠬᠢᠬᠦ ᠪᠥᠭᠡᠳ ᠠᠩᠬᠠᠨ ᠤ ᠪᠡᠯᠡᠳᠬᠡᠯ ᠨᠢ ᠡᠶᠢᠨ ᠡᠬᠢᠯᠡᠵᠦ ᠪᠠᠶᠢᠨ᠎ᠠ᠃