ᠥᠴᠥᠭᠡᠳᠦᠷ ᠮᠤᠩᠭᠤᠯ ᠠᠷᠠᠳ ᠤᠨ ᠨᠠᠮ᠍ ᠤᠨ ᠬᠢᠨᠠᠯᠲᠠ ᠶᠢᠨ ᠬᠣᠷᠢᠶ᠎ᠠ ᠬᠤᠷᠠᠯᠳᠤᠵᠤ ᠨᠡᠶᠢᠰᠯᠡᠯ ᠦᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠡᠷᠢᠭᠦᠯᠡᠭᠴᠢ ᠰ∙ᠮᠥᠩᠬᠡᠴᠢᠯᠠᠭᠤᠨ᠂ ᠼ∙ᠰᠠᠨᠳᠤᠢ ᠨᠠᠷ ᠢ ᠨᠠᠮ ᠤᠨ ᠭᠡᠰᠢᠭᠦᠨᠴᠢᠯᠡᠯ ᠡᠴᠡ ᠲᠦᠳᠡᠭᠡᠯᠵᠡᠭᠦᠯᠬᠦ ᠰᠢᠢᠳᠪᠦᠷᠢ ᠶᠢ ᠭᠠᠷᠭᠠᠭᠰᠠᠨ ᠲᠠᠢ ᠬᠣᠯᠪᠣᠭᠳᠠᠭᠤᠯᠤᠨ ᠬᠢᠨᠠᠯᠲᠠ ᠶᠢᠨ ᠬᠣᠷᠢᠶᠠᠨ ᠤ ᠳᠠᠷᠤᠭ᠎ᠠ ᠳ∙ᠪᠠᠲᠤᠪᠠᠭᠠᠲᠤᠷ ᠮᠡᠳᠡᠭᠡᠯᠡᠯ ᠬᠢᠯ᠎ᠡ᠃ ᠲᠡᠷᠡᠪᠡᠷ᠂ ᠮᠤᠩᠭᠤᠯ ᠠᠷᠠᠳ ᠤᠨ ᠨᠠᠮ᠍ ᠤᠨ ᠭᠡᠰᠢᠭᠦᠨ ᠼ∙ᠰᠠᠨᠳᠤᠢ᠂ ᠰ∙ᠮᠥᠩᠬᠡᠴᠢᠯᠠᠭᠤᠨ ᠨᠠᠷ ᠢ ᠨᠠᠮ ᠤᠨ ᠳᠦᠷᠢᠮ ᠦᠨ ᠵᠠᠷᠢᠮ ᠵᠢᠭᠠᠯᠲᠠ ᠶᠢ ᠵᠥᠷᠢᠴᠡᠭᠰᠡᠨ ᠭᠡᠬᠦ ᠦᠨᠳᠦᠰᠦᠯᠡᠯ ᠢᠶᠡᠷ ᠨᠠᠮ ᠤᠨ ᠭᠡᠰᠢᠭᠦᠨ ᠡᠴᠡ ᠭᠠᠷᠤᠭᠰᠠᠨ ᠳᠤ ᠲᠣᠭᠠᠴᠠᠭᠰᠠᠨ ᠭᠡᠯᠡ᠃
ᠮᠤᠩᠭᠤᠯ ᠠᠷᠠᠳ ᠤᠨ ᠨᠠᠮ᠍ ᠤᠨ ᠰᠢᠨ᠎ᠡ ᠳᠦᠷᠢᠮ ᠢᠶᠡᠷ ᠨᠠᠮ ᠤᠨ ᠭᠡᠰᠢᠭᠦᠨᠴᠢᠯᠡᠯ ᠡᠴᠡ ᠬᠥᠭᠡᠭᠡᠵᠦ᠂ ᠲᠦᠳᠡᠭᠡᠯᠵᠡᠭᠦᠯᠳᠡᠭ ᠢᠶᠡᠨ ᠪᠣᠯᠢᠭᠰᠠᠨ ᠬᠠᠷᠢᠨ ᠭᠠᠷᠤᠭᠰᠠᠨ ᠳᠤ ᠲᠣᠭᠠᠴᠠᠳᠠᠭ ᠪᠣᠯᠤᠭᠰᠠᠨ ᠪᠠᠶᠢᠨ᠎ᠠ᠃ ᠨᠠᠮ ᠤᠨ ᠭᠡᠰᠢᠭᠦᠨ ᠡᠴᠡ ᠭᠠᠷᠤᠭᠰᠠᠨ ᠬᠦᠮᠦᠨ ᠳᠦ ᠤᠯᠤᠰ ᠲᠥᠷᠥ ᠶᠢᠨ ᠳᠡᠮᠵᠢᠯᠭᠡ ᠦᠵᠡᠭᠦᠯᠬᠦ ᠪᠣᠯᠤᠮᠵᠢ ᠦᠭᠡᠢ ᠠᠵᠠᠢ᠃ ᠭᠡᠬᠦ ᠳᠦ ᠪᠡᠨ ᠠᠯᠢᠪᠠ ᠰᠣᠩᠭᠣᠭᠤᠯᠢ ᠳᠤ ᠨᠡᠷ᠎ᠡ ᠳᠡᠪᠰᠢᠬᠦ ᠡᠷᠬᠡ ᠨᠢ ᠨᠡᠭᠡᠭᠡᠯᠲᠡ ᠲᠡᠢ ᠶᠤᠮ ᠪᠠᠶᠢᠨ᠎ᠠ᠃ ᠳ∙ᠪᠠᠲᠤᠪᠠᠭᠠᠲᠤᠷ᠂ ᠨᠠᠮ ᠤᠨ ᠳᠦᠷᠢᠮ ᠳᠦ ᠥᠭᠡᠷᠡᠴᠢᠯᠡᠯᠲᠡ ᠣᠷᠣᠭᠤᠯᠵᠤ ︽60 ᠲᠡᠷᠪᠤᠮ︾ ᠤᠨ ᠭᠡᠬᠦ ᠬᠡᠷᠡᠭ ᠲᠦ ᠨᠡᠷ᠎ᠡ ᠬᠣᠯᠪᠣᠭᠳᠠᠭᠰᠠᠨ ᠨᠠᠮ ᠤᠨ ᠭᠡᠰᠢᠭᠦᠳ ᠲᠦ ᠬᠠᠷᠢᠭᠤᠴᠠᠯᠭ᠎ᠠ ᠲᠣᠭᠠᠴᠠᠵᠤ ᠪᠠᠶᠢᠭ᠎ᠠ᠃ ᠡᠨᠡ ᠳᠠᠭᠠᠤ ︽60 ᠲᠡᠷᠪᠤᠮ︾ ᠤᠨ ᠬᠡᠷᠡᠭ ᠲᠦ ᠨᠡᠷ᠎ᠡ ᠬᠣᠯᠪᠣᠭᠳᠠᠵᠤ ᠂ ᠨᠠᠮ ᠤᠨ ᠨᠡᠷ᠎ᠡ ᠬᠦᠨᠳᠦ ᠶᠢ ᠤᠨᠠᠭᠠᠭᠰᠠᠨ ᠼ∙ᠰᠠᠨᠳᠤᠢ ᠶᠢ ᠨᠠᠮ ᠤᠨ ᠭᠡᠰᠢᠭᠦᠨ ᠡᠴᠡ ᠬᠠᠰᠤᠭᠰᠠᠨ ᠳᠤ ᠲᠣᠭᠠᠴᠠᠭᠰᠠᠨ᠃ ᠬᠠᠷᠢᠨ ᠰ∙ᠮᠥᠩᠬᠡᠴᠢᠯᠠᠭᠤᠨ ᠢ ᠨᠠᠮ ᠤᠨ ᠠᠯᠪᠠᠨ ᠶᠣᠰᠣᠨ ᠤ ᠰᠢᠢᠳᠪᠤᠷᠢ ᠳᠤ ᠬᠦᠨᠳᠦᠳᠭᠡᠯ ᠲᠠᠢ ᠬᠠᠨᠳᠤᠭ᠎ᠠ ᠦᠭᠡᠢ᠂ ᠳᠦᠷᠢᠮ ᠢ ᠵᠥᠷᠢᠴᠡᠭᠰᠡᠨ᠂ ᠤᠳᠤᠷᠢᠳᠤᠯᠭ᠎ᠠ ᠨᠠᠷ ᠤᠨ ᠨᠠᠮ ᠤᠨ ᠳᠦᠷᠢᠮ ᠢ ᠰᠠᠬᠢᠨ ᠬᠠᠮᠠᠭᠠᠯᠠᠬᠤ᠂ ᠡᠪ ᠨᠢᠭᠡᠳᠦᠯ ᠢ ᠬᠠᠮᠠᠭᠠᠯᠠᠬᠤ᠂ ᠨᠠᠮ ᠤᠨ ᠨᠡᠷ᠎ᠡ ᠶᠢᠨ ᠡᠮᠦᠨ᠎ᠡ ᠡᠴᠡ ᠰᠣᠩᠭᠣᠭᠳᠠᠵᠤ ᠲᠣᠮᠢᠯᠠᠭᠳᠠᠭᠰᠠᠨ ᠠᠯᠪᠠᠨ ᠲᠤᠰᠢᠶᠠᠯᠲᠠᠨ ᠬᠠᠤᠯᠢ ᠶᠢ ᠴᠢᠩᠳᠠᠯᠠᠨ ᠰᠠᠬᠢᠵᠤ᠂ ᠠᠰᠢᠭ ᠰᠣᠨᠢᠷᠬᠠᠯ ᠤᠨ ᠠᠯᠢᠪᠠ ᠢᠪᠴᠤᠤ ᠨᠥᠯᠦᠭᠡᠨ ᠳᠦ ᠠᠪᠲᠠᠬᠤ ᠦᠭᠡᠢ ᠪᠠᠶᠢᠬᠤ᠂ ᠨᠠᠮ ᠤᠨ ᠶᠣᠰᠣ ᠵᠦᠢ ᠶᠢᠨ ᠬᠡᠮ ᠬᠡᠮᠵᠢᠶ᠎ᠡ ᠶᠢ ᠰᠠᠬᠢᠨ ᠪᠡᠶᠡᠯᠡᠭᠦᠯᠬᠦ᠂ ᠨᠠᠮ ᠤᠨ ᠡᠷᠬᠡ ᠠᠰᠢᠭ ᠠᠯᠪᠠᠨ ᠶᠣᠰᠣᠨ ᠤ ᠰᠢᠢᠳᠪᠤᠷᠢ ᠳᠤ ᠬᠦᠨᠳᠦᠳᠭᠡᠯ ᠲᠠᠢ ᠬᠠᠨᠳᠤᠬᠤ᠂ ᠪᠦᠬᠦ ᠱᠠᠲᠤᠨ ᠤ ᠤᠳᠤᠷᠢᠳᠬᠤ ᠵᠥᠪᠯᠡᠯ ᠦᠨ ᠰᠢᠢᠳᠪᠦᠷᠢ ᠶᠢ ᠵᠥᠷᠢᠴᠡᠬᠦ ᠦᠭᠡᠢ ᠪᠠᠶᠢᠬᠤ ᠭᠡᠰᠡᠨ ᠵᠢᠭᠠᠯᠲᠠ ᠨᠤᠭᠤᠳ ᠢ ᠵᠥᠷᠢᠴᠡᠭᠰᠡᠨ ᠪᠠᠶᠢᠨ᠎ᠠ ᠭᠡᠵᠦ ᠶᠣᠰᠣ ᠵᠦᠢ ᠶᠢᠨ ᠬᠣᠷᠢᠶᠠᠨ ᠠᠴᠠ ᠠᠷᠭ᠎ᠠ ᠬᠡᠮᠵᠢᠶ᠎ᠡ ᠠᠪᠤᠭᠰᠠᠨ ᠭᠡᠯᠡ᠃