ᠡᠮᠦᠨᠡᠭᠣᠪᠢ ᠠᠶᠢᠮᠠᠭ ᠤᠨ ᠬᠠᠨᠪᠣᠭᠳᠠ ᠰᠤᠮᠤ᠂ ᠤᠭ᠍ᠶᠤᠲᠤᠯᠤᠭᠠᠢ ᠶᠢᠨ ᠠᠭᠤᠷᠬᠠᠢ ᠶᠢ ᠬᠣᠯᠪᠣᠭᠰᠠᠨ 35.1 ᠺᠢᠯᠣᠮᠧᠲ᠋ᠷ ᠵᠠᠮ ᠢ ᠥᠨᠥᠳᠥᠷ ᠨᠡᠭᠡᠭᠡᠯ᠎ᠡ᠃ ᠪᠤᠷᠭᠠᠰᠤᠲᠠᠢ ᠶᠢᠨ ᠭᠣᠣᠯ᠂ ᠪᠠᠭ᠎ᠠ ᠪᠤᠯᠠᠭ ᠳᠡᠭᠡᠭᠦᠷ ᠪᠠᠷᠢᠭᠰᠠᠨ ᠬᠣᠶᠠᠷ ᠭᠦᠦᠷ᠂ ᠵᠠᠮ ᠤᠨ ᠥᠷᠲᠡᠭ 46 ᠲᠡᠷᠪᠤᠮ ᠲᠥᠭᠥᠷᠢᠭ ᠢ ᠤᠭ᠍ᠶᠤᠲᠤᠯᠤᠭᠠᠢ ᠺᠤᠮᠫᠠᠨᠢ ᠰᠠᠩᠬᠦᠦᠵᠢᠭᠦᠯᠵᠡᠢ᠃ ᠡᠨᠡ ᠵᠠᠮ ᠠᠰᠢᠭᠯᠠᠯᠲᠠ ᠳᠤ ᠣᠷᠣᠭᠰᠠᠨ ᠢᠶᠠᠷ ᠤᠭ᠍ᠶᠤᠲᠤᠯᠤᠭᠠᠢ ᠶᠢᠨ ᠠᠭᠤᠷᠬᠠᠢ ᠳᠤ ᠠᠵᠢᠯᠯᠠᠳᠠᠭ ᠡᠮᠦᠨᠡᠭᠣᠪᠢ ᠶᠢᠨ ᠢᠷᠭᠡᠳ ᠠᠵᠢᠯ ᠳᠤ ᠪᠠᠨ ᠶᠠᠪᠤᠬᠤ᠂ ᠭᠡᠷ ᠲᠦ ᠪᠡᠨ ᠬᠠᠷᠢᠬᠤ ᠳᠤ ᠪᠠᠨ ᠠᠶᠤᠯ ᠦᠭᠡᠢ᠂ ᠲᠠᠪᠠ ᠲᠤᠬ᠎ᠠ ᠲᠠᠢ ᠵᠣᠷᠴᠢᠬᠤ ᠪᠣᠯᠵᠤ ᠪᠠᠶᠢᠨ᠎ᠠ᠃ ᠨᠤᠲᠤᠭ ᠤᠨ ᠪᠤᠰᠤᠳ ᠢᠷᠭᠡᠳ ᠮᠥᠨ ᠡᠨᠡ ᠵᠠᠮ ᠢᠶᠠᠷ ᠵᠣᠷᠴᠢᠵᠤ ᠠᠵᠢᠯ ᠦᠢᠯᠡᠰ ᠢᠶᠡᠨ ᠪᠦᠲᠦᠭᠡᠬᠦ ᠶᠤᠮ᠃
2016 ᠣᠨ ᠤ 11 ᠳ᠋ᠤᠭᠡᠷ ᠰᠠᠷ᠎ᠠ ᠳᠤ ᠡᠬᠢᠯᠡᠵᠦ᠂ ᠥᠩᠭᠡᠷᠡᠭᠰᠡᠨ 12 ᠳ᠋ᠤᠭᠠᠷ ᠰᠠᠷ᠎ᠠ ᠳᠤ ᠳᠠᠭᠤᠰᠤᠭᠰᠠᠨ ᠳᠡᠭᠡᠷᠡᠬᠢ ᠵᠠᠮ ᠤᠨ ᠲᠥᠰᠥᠯ ᠦᠨ ᠭᠦᠢᠴᠡᠳᠬᠡᠭᠴᠢ ᠪᠡᠷ ︽ᠠᠷᠵᠢ ᠵᠠᠮ︾᠂ ︽ᠠᠨᠠᠨᠳᠠ ᠶᠢᠨ ᠵᠠᠮ︾᠂ ︽ᠵᠠᠭ ᠢᠨᠵᠸᠨᠧᠷᠢᠩ ︾᠂ КАСМС ᠵᠡᠷᠭᠡ ᠳᠣᠲᠣᠭᠠᠳᠤ ᠶᠢᠨ ᠺᠣᠮᠫᠠᠨᠢ ᠨᠤᠭᠤᠳ ᠠᠵᠢᠯᠯᠠᠵᠠᠢ᠃