︽ᠲᠡᠮᠡᠭᠡᠴᠢᠳ ᠦᠨ ᠵᠦᠪᠯᠡᠯᠭᠡᠨ᠂ ᠲᠡᠮᠡᠭᠡᠨ ᠰᠤᠶᠤᠯ ᠤᠨ ᠡᠳᠦᠷᠯᠢᠭ-2019︾ ᠠᠷᠭ᠎ᠠ ᠬᠡᠮᠵᠢᠶ᠎ᠡ ᠳᠣᠷᠣᠨᠠᠲᠤ ᠠᠶᠢᠮᠠᠭ ᠲᠤ ᠵᠣᠬᠢᠶᠠᠨ ᠪᠠᠶᠢᠭᠤᠯᠤᠭᠳᠠᠯ᠎ᠠ᠃ ᠲᠣᠳᠣᠷᠠᠭᠤᠯᠪᠠᠯ᠂ ᠳᠣᠷᠣᠨᠠᠲᠤ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠠᠴᠠ ᠪᠠᠲᠤᠯᠠᠭᠰᠠᠨ ︽ᠲᠡᠮᠡᠭᠡ ᠳᠡᠳ᠋ ᠬᠥᠲᠥᠯᠪᠦᠷᠢ︾ ᠶᠢᠨ ᠬᠦᠷᠢᠶᠡᠨ ᠳᠦ ᠡᠨᠡ ᠰᠠᠷ᠎ᠠ ᠶᠢᠨ 15-16 ᠍ ᠳᠦ ᠲᠤᠰ ᠠᠶᠢᠮᠠᠭ ᠤᠨ ᠴᠠᠭᠠᠨ-ᠣᠪᠣᠭ᠎ᠠ ᠰᠤᠮᠤᠨ ᠳᠤ ᠲᠡᠮᠡᠭᠡᠴᠢᠳ ᠦᠨ ᠵᠦᠪᠯᠡᠯᠭᠡᠨ᠂ ᠲᠡᠮᠡᠭᠡᠨ ᠰᠤᠶᠤᠯ ᠤᠨ ᠡᠳᠦᠷᠯᠢᠭ ᠪᠣᠯᠤᠭᠰᠠᠨ ᠪᠠᠶᠢᠨ᠎ᠠ᠃ ᠡᠯ᠎ᠡ ᠠᠷᠭ᠎ᠠ ᠬᠡᠮᠵᠢᠶᠡᠨ ᠳᠦ 10 ᠰᠤᠮᠤ ᠶᠢᠨ 140 ᠭᠠᠷᠤᠢ ᠮᠠᠯᠴᠢᠨ ᠪᠣᠯᠤᠨ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠳᠠᠷᠤᠭ᠎ᠠ ᠯ∙ᠬᠡᠰᠢᠭᠲᠤᠭᠲᠤᠬᠤ᠂ ᠵᠠᠰᠠᠭ ᠳᠠᠷᠤᠭ᠎ᠠ ᠶᠢᠨ ᠣᠷᠣᠯᠠᠭᠴᠢ ᠴ∙ᠭᠠᠩᠪᠠᠲᠤ ᠨᠠᠷ ᠣᠷᠣᠯᠴᠠᠵᠠᠢ᠃
ᠡᠳᠦᠷᠯᠢᠭ ᠦᠨ ᠦᠶ᠎ᠡ ᠪᠡᠷ ᠲᠡᠮᠡᠭᠡᠨ ᠰᠤᠶᠤᠯ ᠤᠨ ᠤᠯᠠᠮᠵᠢᠯᠠᠯᠲᠤ ᠵᠠᠩ ᠦᠢᠯᠡ ᠪᠣᠯᠬᠤ ᠪᠤᠶᠢᠯᠠ ᠵᠤᠷᠭᠤᠬᠤ ᠂ ᠲᠡᠮᠡᠭᠡ ᠰᠤᠷᠭᠠᠬᠤ᠂ ᠨᠣᠭᠲᠣ᠂ ᠪᠤᠷᠠᠨᠲᠠᠭ ᠵᠠᠩᠭᠢᠳᠬᠤ᠂ ᠰᠢᠯᠢᠮᠡᠯ ᠪᠤᠤᠷ᠎ᠠ᠂ ᠰᠢᠯᠢᠮᠡᠯ ᠢᠩᠭᠡ᠂ ᠭᠠᠩᠭᠠᠩ ᠪᠣᠲᠣᠭᠣ᠂ ᠰᠠᠶᠢᠬᠠᠨ ᠲᠡᠮᠡᠭᠡ ᠲᠡᠢ ᠬᠣᠣᠰ ᠰᠢᠯᠭᠠᠷᠠᠭᠤᠯᠬᠤ ᠪᠣᠯᠤᠨ ᠲᠡᠮᠡᠭᠡᠨ ᠤᠷᠤᠯᠳᠤᠭᠠᠨ ᠪᠣᠯᠤᠭᠰᠠᠨ ᠪᠠᠶᠢᠨ᠎ᠠ᠃ ᠳᠠᠰᠢᠷᠠᠮ ᠳᠤ ᠳᠤᠭᠤᠯᠭᠠᠬᠤ ᠳᠤ ᠂ ᠡᠳᠦᠷᠯᠢᠭ ᠦᠨ ᠦᠶ᠎ᠡ ᠪᠡᠷ ᠲᠡᠮᠡᠭᠡ ᠰᠤᠷᠭᠠᠬᠤ ᠲᠡᠮᠡᠴᠡᠭᠡᠨ ᠵᠣᠬᠢᠶᠠᠭᠳᠠᠵᠤ᠂ ᠭᠤᠷᠪᠠᠨᠵᠠᠭᠠᠯ ᠰᠤᠮᠤ ᠶᠢᠨ ᠮᠠᠯᠴᠢᠨ ᠭ∙ᠲᠦᠪᠰᠢᠨ ᠠᠪᠤᠷᠭᠤᠯᠠᠭᠰᠠᠨ ᠪᠣᠯ ᠰᠡᠷᠭᠦᠯᠡᠩ ᠰᠤᠮᠤ ᠶᠢᠨ ᠳᠥᠷᠪᠡᠳᠦᠭᠡᠷ ᠪᠠᠭ ᠤᠨ ᠮᠠᠯᠴᠢᠨ ᠠ᠊∙ᠮᠥᠩᠬᠡᠪᠠᠶᠠᠷ᠂ ᠴᠣᠶᠢᠪᠠᠯᠰᠠᠩ ᠰᠤᠮᠤ ᠶᠢᠨ ᠮᠠᠯᠴᠢᠨ ᠣ᠊∙ᠬᠦᠷᠪᠡᠯᠪᠠᠭᠠᠲᠤᠷ ᠨᠠᠷ ᠤᠳᠠᠭᠠᠯᠠᠭᠰᠠᠨ ᠪᠠᠶᠢᠨ᠎ᠠ᠃