2019 ᠣᠨ ᠤ ᠣᠯᠠᠨ ᠤᠯᠤᠰ ᠤᠨ ᠠᠷᠮᠢ ᠶᠢᠨ ᠨᠠᠭᠠᠳᠤᠮ ᠤᠨ ᠬᠦᠷᠢᠶᠡᠨ ᠳᠦ ᠪᠣᠯᠬᠤ ᠠᠭᠤᠯᠠ ᠶᠢᠨ ᠰᠫᠣᠷᠲ ᠤᠨ ᠲᠡᠮᠡᠴᠡᠭᠡᠨ ᠠᠩᠭᠤᠯᠠ᠂ ᠣᠷᠣᠰ᠂ ᠲᠠᠵᠢᠺᠰᠲ᠋ᠠᠨ ᠤ ᠴᠡᠷᠢᠭ ᠦᠳ ᠦᠨ ᠬᠣᠭᠣᠷᠣᠨᠳᠣ ᠡᠬᠢᠯᠡᠭᠰᠡᠨ ᠢ ᠣᠷᠣᠰ ᠤᠨ ᠪᠠᠲᠤᠯᠠᠨ ᠬᠠᠮᠠᠭᠠᠯᠠᠬᠤ ᠶᠠᠮᠤᠨ ᠥᠨᠥᠳᠥᠷ ᠮᠡᠳᠡᠭᠡᠯᠡᠵᠡᠢ ᠃ ᠵᠢᠯ ᠪᠦᠷᠢ ᠪᠣᠯᠳᠠᠭ ᠤᠭ ᠨᠠᠭᠠᠳᠤᠮ ᠳᠤ ᠡᠪᠦᠯ ᠦᠨ ᠤᠯᠠᠷᠢᠯ ᠳᠤ ᠠᠭᠤᠯᠠᠨ ᠳᠤ ᠦᠷᠢᠰᠦᠯᠳᠦᠬᠦ ᠰᠢᠨ᠎ᠡ ᠲᠥᠷᠥᠯ ᠠᠩᠬ᠎ᠠ ᠤᠳᠠᠭ᠎ᠠ ᠨᠡᠮᠡᠭᠳᠡᠵᠦ ᠪᠠᠶᠢᠭ᠎ᠠ ᠶᠤᠮ ᠃ ᠲᠡᠮᠡᠴᠡᠭᠡᠨ ᠰᠠᠶᠠᠨ ᠤ ᠨᠢᠷᠤᠭᠤᠨ ᠳᠤ ᠪᠣᠯᠬᠤ ᠪᠥᠭᠡᠳ ᠥᠴᠥᠭᠡᠳᠦᠷ ᠴᠡᠷᠢᠭ ᠦᠳ ᠵᠡᠭᠦᠨ ᠰᠢᠪᠸᠷᠢᠶ᠎ᠠ ᠶᠢᠨ ᠺᠷᠠᠰᠨᠤᠶᠠᠷᠢᠰᠺ ᠮᠤᠵᠢ ᠶᠢᠨ ᠡᠷᠭᠠᠺᠢ ᠳᠠᠷᠬᠠᠨ ᠴᠠᠭᠠᠵᠠᠲᠤ ᠭᠠᠵᠠᠷ ᠲᠤ ᠭᠠᠷᠤᠭᠠᠨ ᠠᠴᠠ ᠭᠠᠷᠤᠭᠰᠠᠨ ᠪᠠᠶᠢᠨ᠎ᠠ᠃ ᠭᠤᠷᠪᠠᠨ ᠤᠯᠤᠰ ᠤᠨ ᠠᠭᠤᠯᠠᠴᠢᠨ ᠴᠡᠷᠢᠭ ᠦᠳ ᠲᠠᠪᠤᠨ ᠡᠳᠦᠷ ᠦᠨ ᠲᠤᠷᠰᠢ ᠨᠡᠶᠢᠲᠡ ᠨᠠᠢᠮᠠᠨ ᠳᠠᠭᠠᠭᠠᠯᠭᠠᠪᠤᠷᠢ ᠪᠡᠶᠡᠯᠡᠭᠦᠯᠵᠦ ᠥᠷᠢᠰᠦᠯᠳᠦᠨ᠎ᠡ᠃ ᠡᠭᠦᠨ ᠳᠦ ᠴᠠᠰᠤᠨ ᠤ ᠨᠤᠷᠠᠩᠭᠢᠨ ᠳᠤ ᠬᠠᠰᠢᠭᠳᠠᠭᠰᠠᠨ ᠠᠭᠤᠯᠠᠴᠢᠳ ᠢ ᠬᠠᠶᠢᠬᠤ᠂ ᠠᠪᠤᠷᠠᠬᠤ᠂ ᠥᠨᠳᠥᠷ ᠡᠴᠡ ᠤᠯᠤᠰᠤ ᠪᠠᠷ ᠪᠠᠭᠤᠯᠭᠠᠬᠤ᠂ ᠥᠨᠳᠥᠷ ᠠᠭᠤᠯᠠᠨ ᠳᠤ ᠵᠦᠭ ᠴᠢᠭ ᠢᠶᠡᠨ ᠤᠯᠬᠤ᠂ ᠵᠠᠮ ᠳᠤ ᠪᠠᠢ ᠫᠤᠤᠳᠠᠵᠤ᠂ ᠭᠠᠷ ᠪᠥᠮᠪᠥᠭᠡ ᠰᠢᠳᠡᠬᠦ ᠵᠡᠷᠭᠡ ᠳᠠᠭᠠᠭᠠᠯᠭᠠᠪᠤᠷᠢ ᠨᠤᠭᠤᠳ ᠪᠠᠭᠲᠠᠵᠠᠢ᠃ ᠲᠡᠮᠡᠴᠡᠭᠡᠨ ᠳᠦ ᠣᠷᠣᠯᠴᠠᠭᠴᠢ ᠳᠠᠶᠢᠴᠢᠳ ᠤᠨ ᠲᠤᠭᠤᠯᠬᠤ ᠵᠠᠮ ᠤᠨ ᠤᠷᠲᠤ 25 ᠺᠢᠯᠣᠮᠧᠲ᠋ᠷ᠂ ᠠᠪᠠᠷᠢᠬᠤ ᠥᠨᠳᠥᠷ 3000 ᠮᠧᠲ᠋ᠷ ᠪᠠᠶᠢᠨ᠎ᠠ ᠭᠡᠵᠦ ᠣᠷᠣᠰ ᠤᠨ ᠪᠠᠲᠤᠯᠠᠨ ᠬᠠᠮᠠᠭᠠᠯᠠᠬᠤ ᠶᠠᠮᠤᠨ ᠮᠡᠳᠡᠭᠡᠯᠡᠭᠰᠡᠨ ᠪᠠᠶᠢᠨ᠎ᠠ᠃ ᠲᠡᠮᠡᠴᠡᠭᠡᠨ ᠢ ᠬᠠᠰᠠᠭᠰᠲ᠋ᠠᠨ ᠤ ᠵᠡᠪᠰᠡᠭᠲᠦ ᠬᠦᠴᠦᠨ ᠦ ᠲᠥᠯᠥᠭᠡᠯᠡᠭᠴᠢ ᠠᠵᠢᠭᠯᠠᠬᠤ ᠪᠠᠷ ᠪᠣᠯᠵᠠᠢ᠃