ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠳ᠋ᠤᠪᠠᠢ ᠬᠤᠲᠠ ᠳᠤ ᠫᠠᠷᠠ ᠫᠠᠤᠷᠯᠢᠹᠲ᠋ᠢᠨ ᠣ ᠳᠡᠯᠡᠬᠡᠢ ᠶᠢᠨ ᠴᠣᠮᠣ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠬᠣᠶᠠᠳᠤᠭᠠᠷ ᠰᠠᠷ᠎ᠠ ᠶᠢᠨ 8-12 ᠳᠤ ᠪᠣᠯᠵᠤ ᠥᠩᠭᠡᠷᠡᠯ᠎ᠡ᠃ ᠲᠡᠮᠡᠴᠡᠭᠡᠨ ᠦ ᠰᠡᠭᠦᠯ ᠦᠨ ᠡᠳᠦᠷ ᠬᠡᠪᠲᠡᠭᠡ ᠰᠢᠬᠠᠯᠲᠠ ᠶᠢᠨ ᠡᠷᠡᠭᠲᠡᠶᠢᠴᠦᠳ ᠦᠨ 107 ᠺᠢᠯᠦᠭᠷᠡᠮ ᠤᠨ ᠵᠢᠩ ᠳᠦ ᠡ᠊∙ᠰᠤᠳᠨᠠᠮᠫᠸᠯᠵᠡᠢ 240 ᠺᠢᠯᠦᠭᠷᠡᠮ ᠡᠷᠭᠦᠭᠰᠡᠨ ᠠᠮᠵᠢᠯᠲᠠ ᠪᠠᠷ ᠠᠪᠤᠷᠭᠤ ᠶᠢᠨ ᠠᠯᠲᠠᠨ ᠮᠧᠳᠠᠯ ᠬᠦᠷᠲᠡᠪᠡ᠃ ᠡᠨᠡ ᠨᠢ ᠲᠡᠭᠦᠨ ᠦ ︽ᠳᠡᠯᠡᠬᠡᠢ ᠶᠢᠨ ᠴᠣᠮᠣ︾ ᠠᠴᠠ ᠠᠪᠤᠭᠰᠠᠨ ᠳᠦᠷᠪᠡᠳᠡᠬᠢ ᠠᠯᠲᠠᠨ ᠮᠧᠳᠠᠯ ᠪᠥᠭᠡᠳ ᠥᠩᠭᠡᠷᠡᠭᠰᠡᠨ ᠣᠨ ᠳᠤ ᠮᠥᠨ ᠵᠢᠩ ᠳᠦ 220 ᠺᠢᠯᠦᠭᠷᠡᠮ ᠲᠦᠯᠬᠢᠵᠦ ᠲᠦᠷᠦᠭᠦᠯᠡᠵᠦ ᠪᠠᠶᠢᠭᠰᠠᠨ ᠤᠳᠠᠭ᠎ᠠ ᠲᠠᠢ᠃ ᠡ᠊∙ᠰᠤᠳᠨᠠᠮᠫᠸᠯᠵᠡᠢ ᠨᠢ ᠡᠮᠦᠨ᠎ᠡ ︽ᠷᠢᠤ᠋ -2016︾ ᠫᠠᠷᠠᠯᠢᠮᠫ ᠤᠨ ᠬᠦᠷᠡᠯ᠂ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠠᠯᠲᠠ᠂ ᠮᠥᠩᠭᠥᠨ ᠮᠧᠳᠠᠯ᠂ ᠠᠽᠢᠶ᠎ᠠ ᠶᠢᠨ ᠠᠪᠤᠷᠭᠤ᠂ ᠠᠽᠢᠶ᠎ᠠ ᠶᠢᠨ ᠨᠠᠭᠠᠳᠤᠮ ᠤᠨ ᠠᠯᠲᠠᠨ ᠮᠧᠳᠠᠯ ᠬᠦᠷᠲᠡᠵᠦ ᠪᠠᠶᠢᠭᠰᠠᠨ ᠠᠮᠵᠢᠯᠲᠠ ᠲᠠᠢ ᠪᠢᠯᠡ᠃