ᠡᠨᠡ ᠡᠳᠦᠷ ᠦᠳ ᠲᠦ ᠦᠷᠭᠦᠯᠵᠢᠯᠡᠵᠦ ᠪᠠᠶᠢᠭ᠎ᠠ ᠪᠧᠷᠯᠢᠨ ᠦ ᠺᠢᠨᠣ᠋ ᠨᠠᠭᠠᠳᠤᠮ ᠳᠤ ᠬᠢᠲᠠᠳ ᠤᠨ ᠨᠠᠶᠢᠷᠠᠭᠤᠯᠤᠭᠴᠢ ᠸᠠᠩ ᠴᠦ᠋ ᠨᠠᠨ ᠦ ︽ᠥᠨᠳᠡᠭᠡ︾ ᠨᠡᠷ᠎ᠡ ᠲᠡᠢ ᠺᠢᠨᠣ᠋ ᠥᠷᠢᠰᠦᠯᠳᠦᠵᠦ ᠪᠠᠶᠢᠨ᠎ᠠ᠃ ᠤᠭ ᠺᠢᠨᠤ᠋ ᠶᠢᠨ ᠦᠢᠯᠡ ᠶᠠᠪᠤᠳᠠᠯ ᠮᠣᠩᠭᠣᠯ ᠤᠨ ᠲᠠᠯ᠎ᠠ ᠨᠤᠲᠤᠭ ᠲᠤ ᠥᠷᠨᠢᠳᠡᠭ ᠶᠤᠮ ᠪᠠᠶᠢᠨ᠎ᠠ᠃ ᠸᠠᠩ ᠴᠦ᠋ ᠨᠠᠨ ᠪᠣᠯ 2007 ᠣᠨ ᠳᠤ ᠥᠪᠥᠷ ᠮᠣᠩᠭᠣᠯ ᠳᠤ ᠵᠢᠷᠤᠭ ᠢ ᠨᠢ ᠠᠪᠤᠭᠰᠠᠨ ︽ᠲᠤᠶᠠᠭ᠎ᠠ ᠶᠢᠨ ᠬᠤᠷᠢᠮ︾ ᠺᠢᠨᠣ᠋ ᠪᠠᠷ ᠪᠧᠷᠯᠢᠨ ᠦ ᠠᠯᠲᠠᠨ ᠪᠠᠭᠠᠪᠠᠭᠠᠢ ᠱᠠᠩᠨᠠᠯ ᠢ ᠬᠦᠷᠲᠡᠵᠦ ᠪᠠᠶᠢᠭᠰᠠᠨ ᠤᠷᠠᠨ ᠪᠦᠲᠦᠭᠡᠯᠴᠢ ᠶᠤᠮ᠃
ᠺᠢᠨᠤ᠋ ᠮᠣᠩᠭᠣᠯ ᠤᠨ ᠲᠠᠯ᠎ᠠ ᠨᠤᠲᠤᠭ ᠲᠤ ᠨᠢᠭᠡᠨ ᠡᠮᠡᠭᠲᠡᠢ ᠶᠢᠨ ᠴᠣᠭᠴᠠᠰ ᠣᠯᠳᠠᠵᠤ ᠪᠠᠶᠢᠭ᠎ᠠ ᠪᠠᠷ ᠡᠬᠢᠯᠡᠳᠡᠭ᠃ ᠴᠣᠭᠴᠠᠰ ᠢ ᠮᠠᠨᠠᠭᠤᠯᠬᠤ ᠪᠠᠷ 18 ᠨᠠᠰᠤᠲᠠᠢ ᠵᠠᠯᠠᠭᠤ ᠴᠠᠭᠳᠠᠭ᠎ᠠ ᠶᠢ ᠡᠵᠡᠭᠦᠢ ᠲᠠᠯ᠎ᠠ ᠳᠤ ᠣᠷᠬᠢᠵᠤ ᠶᠠᠪᠤᠳᠠᠭ᠃ ᠲᠡᠭᠦᠨ ᠳᠦ ᠬᠠᠨᠢ ᠪᠣᠯᠬᠤ ᠶᠢ ᠨᠢᠭᠡᠨ ᠮᠠᠯᠴᠢᠨ ᠡᠮᠡᠭᠲᠡᠢ ᠳᠦ ᠳᠠᠭᠠᠭᠠᠯᠭᠠᠳᠠᠭ ᠪᠠᠶᠢᠨ᠎ᠠ᠃ ᠬᠥᠳᠡᠭᠡ ᠨᠤᠲᠤᠭ ᠲᠤ ᠭᠠᠭᠴᠠᠭᠠᠷ ᠠᠮᠢᠳᠤᠷᠠᠳᠠᠭ ᠮᠠᠯᠴᠢᠨ ᠪᠦᠰᠡᠭᠦᠢ ᠵᠠᠯᠠᠭᠤ ᠴᠠᠭᠳᠠᠭ᠎ᠠ ᠲᠠᠢ ᠬᠡᠭᠡᠷ᠎ᠡ ᠬᠣᠨᠣᠬᠤ ᠳᠤ ᠪᠠᠨ ᠲᠠᠨᠢᠯᠴᠠᠨ ᠳᠣᠲᠣᠨᠣᠰᠴᠤ᠂ ᠳᠤᠯᠠᠭᠠᠴᠠᠬᠤ ᠶᠢᠨ ᠲᠤᠯᠠᠳᠠ ᠤᠤᠭᠤᠵᠤ᠂ ᠰᠡᠭᠦᠯ ᠳᠦ ᠪᠡᠨ ᠬᠡᠪᠲᠡᠵᠦ ᠪᠤᠢ ᠲᠡᠮᠡᠭᠡᠨ ᠦ ᠨᠥᠮᠥᠷᠢ ᠳᠦ ᠡᠩᠭᠡᠷ ᠵᠥᠷᠢᠭᠦᠯᠳᠡᠭ᠃ ᠪᠠᠰᠠ ᠬᠡᠭᠡᠷ᠎ᠡ ᠦᠯᠡᠳᠡᠭᠰᠡᠨ ᠴᠠᠭᠳᠠᠭ᠎ᠠ ᠵᠠᠯᠠᠭᠤ ᠪᠡᠶ᠎ᠡ ᠪᠡᠨ ᠳᠤᠯᠠᠭᠠᠴᠠᠭᠤᠯᠬᠤ ᠶᠢᠨ ᠲᠤᠯᠠᠳᠠ ᠭᠠᠷ ᠤᠲᠠᠰᠤᠨ ᠳᠡᠭᠡᠷ᠎ᠡ ᠪᠡᠨ ᠬᠥᠭᠵᠢᠮ ᠲᠣᠭᠯᠠᠭᠤᠯᠤᠨ ᠪᠦᠵᠢᠭᠯᠡᠵᠦ ᠪᠠᠶᠢᠭ᠎ᠠ᠂ ᠮᠠᠯᠴᠢᠨ ᠡᠮᠡᠭᠲᠡᠢ ᠭᠡᠷ ᠲᠦ ᠪᠡᠨ ᠬᠢᠮᠡᠯ ᠳᠠᠭᠠᠭᠤᠯᠢ ᠶᠢᠨ ᠲᠸᠯᠸᠢᠰ ᠦᠵᠡᠳᠡᠭ ᠵᠡᠷᠭᠡ ᠲᠧᠭᠨᠣᠯᠣᠭᠢ ᠶᠢᠨ ᠳᠡᠪᠰᠢᠯ ᠢ ᠬᠠᠷᠠᠭᠤᠯᠳᠠᠭ᠃ ᠺᠢᠨᠣᠨ ᠤ ᠦᠨᠳᠦᠰᠦᠨ ᠰᠠᠨᠠᠭ᠎ᠠ ᠨᠢ ᠡᠷᠲᠡ ᠭᠠᠯᠪᠠ ᠶᠢᠨ ᠦᠶ᠎ᠡ ᠳᠦ ᠡᠨᠡ ᠨᠤᠲᠤᠭ ᠲᠤ ᠠᠮᠢᠳᠤᠷᠠᠵᠤ ᠪᠠᠶᠢᠭᠰᠠᠨ ᠦᠯᠦᠭ ᠭᠦᠷᠪᠡᠯ ᠦᠳ ᠦᠨᠡᠨ ᠳᠦ ᠪᠡᠨ ᠤᠰᠠᠳᠴᠤ ᠦᠭᠡᠢ ᠪᠣᠯᠤᠭ᠎ᠠ ᠦᠭᠡᠢ᠂ ᠮᠠᠯᠴᠢᠨ ᠡᠮᠡᠭᠲᠡᠢ ︽ᠦᠨᠳᠡᠭᠡᠯᠡᠬᠦ︾ ᠪᠣᠯᠵᠤ᠂ ᠦᠨᠢᠶ᠎ᠡ ᠲᠤᠭᠤᠯᠯᠠᠵᠤ ᠪᠠᠶᠢᠭ᠎ᠠ ᠵᠡᠷᠭᠡ ᠨᠢ ᠠᠮᠢᠳᠤᠷᠠᠯ ᠲᠠᠰᠤᠷᠠᠯᠲᠠ ᠦᠭᠡᠢ ᠦᠷᠭᠦᠯᠵᠢᠯᠡᠭᠰᠡᠭᠡᠷ ᠪᠠᠶᠢᠭ᠎ᠠ ᠶᠢ ᠬᠠᠷᠠᠭᠤᠯᠵᠠᠢ᠃