ᠳ᠋ᠣᠯᠯᠠᠷ 2640 ᠲᠥᠭᠥᠷᠢᠭ ᠲᠡᠢ ᠲᠡᠩᠴᠡᠵᠦ ᠪᠠᠶᠢᠨ᠎ᠠ | News.MN

ᠳ᠋ᠣᠯᠯᠠᠷ 2640 ᠲᠥᠭᠥᠷᠢᠭ ᠲᠡᠢ ᠲᠡᠩᠴᠡᠵᠦ ᠪᠠᠶᠢᠨ᠎ᠠ

ᠸᠠᠯᠢᠶᠤᠲ ᠠᠷᠠᠯᠵᠢᠶᠠᠨ ᠤ ︽ᠨᠠᠢᠮᠠᠨ ᠰᠢᠷᠭ᠎ᠠ︾ ᠵᠠᠬ᠎ᠠ ᠳᠤ ᠵᠠᠪᠰᠠᠷ ᠤᠨ ᠮᠠᠶᠢᠮᠠᠶᠢᠴᠢᠳ ᠳ᠋ᠣᠯᠯᠠᠷ ᠢ 2632 ᠲᠥᠭᠥᠷᠢᠭ ᠢᠶᠡᠷ ᠬᠤᠳᠠᠯᠳᠤᠨ ᠠᠪᠴᠤ᠂ 2638 ᠲᠥᠭᠥᠷᠢᠭ ᠢᠶᠡᠷ ᠵᠠᠷᠤᠵᠤ ᠪᠠᠶᠢᠨ᠎ᠠ᠃ ᠬᠠᠷᠢᠨ ᠮᠣᠩᠭᠣᠯ ᠪᠠᠩᠬᠢ ᠥᠨᠥᠳᠥᠷ ᠳ᠋ᠣᠯᠯᠠᠷ ᠤᠨ ᠬᠠᠩᠰᠢ ᠶᠢ 2630.93 ᠲᠥᠭᠥᠷᠢᠭ ᠢᠶᠡᠷ ᠲᠡᠩᠴᠡᠭᠦᠯᠵᠡᠢ᠃ ᠳ᠋ᠣᠯᠯᠠᠷ ᠤᠨ ᠬᠠᠩᠰᠢ ᠦᠰᠴᠦ᠂ ᠲᠥᠭᠥᠷᠢᠭ ᠦᠨ ᠬᠠᠩᠰᠢ ᠤᠨᠠᠬᠤ ᠪᠣᠯᠤᠭᠰᠠᠨ ᠰᠢᠯᠲᠠᠭᠠᠨ ᠢ ᠡᠳ᠋ ᠍ ᠦᠨ ᠵᠠᠰᠠᠭᠴᠢᠳ ᠭᠠᠳᠠᠭᠠᠳᠤ ᠠᠴᠠ ᠢᠯᠡᠭᠦᠦ ᠳᠣᠲᠣᠭᠠᠳᠤ ᠶᠢᠨ ᠤᠯᠤᠰ ᠲᠥᠷᠥ ᠶᠢᠨ ᠬᠢᠮᠤᠷᠠᠯ ᠲᠠᠢ ᠬᠣᠯᠪᠣᠨ ᠲᠠᠶᠢᠯᠪᠤᠷᠢᠯᠠᠵᠤ ᠪᠤᠢ ᠶᠤᠮ᠃ ᠤᠴᠢᠷ ᠨᠢ᠂ ᠳᠣᠲᠣᠭᠰᠢᠯᠠᠬᠤ ᠳ᠋ᠣᠯᠯᠠᠷ ᠤᠨ ᠤᠷᠤᠰᠬᠠᠯ ᠬᠤᠮᠢᠭᠳᠠᠵᠤ᠂ ᠬᠥᠷᠥᠩᠭᠡ ᠣᠷᠣᠭᠤᠯᠤᠯᠲᠠ ᠪᠠᠭᠤᠷᠠᠵᠤ ᠪᠠᠶᠢᠭ᠎ᠠ ᠨᠢ ᠳ᠋ᠣᠯᠯᠠᠷ ᠤᠨ ᠬᠠᠩᠰᠢ ᠥᠰᠬᠦ ᠰᠢᠯᠲᠠᠭᠠᠨ ᠪᠣᠯᠤᠭᠠᠳ ᠪᠠᠶᠢᠭ᠎ᠠ ᠪᠢᠯᠡ᠃ ᠬᠡᠳᠦᠢ ᠪᠡᠷ ᠮᠣᠩᠭᠣᠯ ᠤᠯᠤᠰ ᠤᠨ ᠵᠠᠰᠠᠭ ᠤᠨ ᠭᠠᠵᠠᠷ ᠣᠯᠠᠨ ᠤᠯᠤᠰ ᠤᠨ ᠸᠠᠯᠢᠶᠤᠲ ᠤᠨ ᠰᠠᠩ ᠦᠨ ᠬᠥᠲᠥᠯᠪᠦᠷᠢ ᠶᠢᠨ ᠬᠦᠷᠢᠶᠡᠨ ᠳᠦ ᠭᠡᠰᠢᠭᠦᠨ ᠣᠷᠣᠨ ᠨᠤᠭᠤᠳ ᠠᠴᠠ ᠲᠣᠳᠣᠷᠬᠠᠢ ᠬᠡᠮᠵᠢᠶᠡᠨ ᠦ ᠬᠥᠩᠭᠡᠯᠡᠯᠲᠡ ᠲᠡᠢ ᠵᠢᠭᠡᠯᠡ ᠳᠡᠮᠵᠢᠯᠭᠡ ᠠᠪᠴᠤ ᠪᠠᠶᠢᠭ᠎ᠠ ᠴᠤ ᠳᠤᠲᠤᠭᠠᠳᠤ ᠳᠤ ᠳ᠋ᠣᠯᠯᠠᠷ ᠤᠨ ᠬᠠᠩᠰᠢ ᠤᠯᠠᠮ ᠦᠰᠴᠦ ᠪᠤᠢ ᠶᠤᠮ᠃ ᠲᠥᠭᠥᠷᠢᠭ ᠦᠨ ᠬᠠᠩᠰᠢ ᠶᠢ ᠲᠣᠭᠲᠠᠪᠤᠷᠢᠵᠢᠭᠤᠯᠬᠤ ᠶᠢᠨ ᠲᠤᠯᠠᠳᠠ ᠲᠥᠪ ᠪᠠᠩᠬᠢ ᠥᠩᠭᠡᠷᠡᠭᠰᠡᠨ ᠣᠨ ᠳᠤ 1.2 ᠲᠡᠷᠪᠤᠮ ᠳ᠋ᠣᠯᠯᠠᠷ ᠵᠠᠬ᠎ᠠ ᠵᠡᠭᠡᠯᠢ ᠳᠦ ᠨᠡᠶᠢᠯᠡᠭᠦᠯᠦᠭᠰᠡᠨ ᠪᠠᠶᠢᠨ᠎ᠠ᠃ ᠠᠷᠠᠯᠵᠢᠶᠠᠨ ᠤ ᠪᠠᠩᠬᠢ ᠨᠤᠭᠤᠳ ᠳ᠋ᠣᠯᠯᠠᠷ ᠢ 2624 ᠲᠥᠭᠥᠷᠢᠭ ᠢᠶᠡᠷ ᠬᠤᠳᠠᠯᠳᠤᠨ ᠠᠪᠴᠤ 2640 ᠲᠥᠭᠥᠷᠢᠭ ᠢᠶᠡᠷ ᠵᠠᠷᠤᠵᠤ ᠪᠠᠶᠢᠨ᠎ᠠ᠃

ᠰᠡᠳᠬᠢᠭᠳᠡᠯ ᠦᠯᠡᠳᠡᠭᠡᠬᠦ