ᠪᠠᠶᠠᠨ-ᠥᠯᠥᠭᠡᠢ ᠠᠶᠢᠮᠠᠭ ᠤᠨ ᠰᠠᠭᠰᠠᠢ ᠰᠤᠮᠤ ᠶᠢᠨ ᠭᠤᠷᠪᠠᠳᠤᠭᠠᠷ ᠪᠠᠭ ᠤᠨ ᠢᠷᠭᠡᠨ᠂ ᠠᠳᠤᠭᠤᠴᠢᠨ ᠺ∙ᠨᠠᠤᠷᠢᠽᠪᠸᠺ ᠬᠤᠯᠪᠤᠭᠠᠨ ᠤ ᠪᠦᠭᠦᠳᠡ ᠨᠠᠶᠢᠷᠠᠮᠳᠠᠬᠤ ᠭᠸᠷᠮᠠᠡ ᠤᠯᠤᠰ ᠲᠤ ᠮᠣᠷᠢ ᠰᠤᠷᠭᠠᠬᠤ ᠪᠠᠷ ᠶᠠᠪᠤᠵᠠᠢ᠃
︽ᠠᠯᠲᠠᠢ ᠡᠺᠰᠫᠧᠳᠢᠰᠢᠨ︾ ᠺᠣᠮᠫᠠᠨᠢ ᠶᠢᠨ ᠵᠠᠬᠢᠷᠤᠯ ᠪ∙ᠪᠸᠺᠪᠤᠯᠠᠲ ᠤᠨ ᠲᠠᠶᠢᠯᠪᠤᠷᠢᠯᠠᠭᠰᠠᠨ ᠢᠶᠠᠷ᠂ ᠭᠧᠷᠮᠠᠨ ᠤᠯᠤᠰ ᠤᠨ ᠢᠷᠭᠡᠨ ᠫᠧᠲ᠋ᠷ ᠷᠣᠯᠢᠹ ᠭᠡᠳᠡᠭ ᠬᠦᠮᠦᠨ ᠮᠣᠩᠭᠣᠯ ᠤᠯᠤᠰ ᠲᠤ ᠣᠯᠠᠨ ᠤᠳᠠᠭ᠎ᠠ ᠢᠷᠡᠵᠦ ᠮᠣᠷᠢᠨ ᠠᠶᠠᠯᠠᠯ᠂ ᠶᠠᠪᠠᠭᠠᠨ ᠠᠶᠠᠯᠠᠯ ᠬᠢᠳᠡᠭ ᠭᠡᠨ᠎ᠡ᠃ ᠲᠡᠷᠡ ᠪᠡᠷ 1990 ᠊ᠭᠡᠳ ᠣᠨ ᠠᠴᠠ ᠡᠬᠢᠯᠡᠨ ᠮᠣᠩᠭᠣᠯ ᠠᠴᠠ ᠬᠣᠷᠢᠭᠠᠳ ᠠᠳᠤᠭᠤ ᠭᠧᠷᠮᠠᠨ ᠳᠦ ᠠᠪᠠᠴᠢᠵᠠᠢ᠃ ᠡᠳᠡᠭᠡᠷ ᠠᠳᠤᠭᠤ ᠣᠳᠣ ᠬᠦᠷᠲᠡᠯ᠎ᠡ ᠲᠡᠨᠳᠡᠬᠢ ᠶᠢᠨ ᠵᠠᠷᠢᠮ ᠠᠮᠢᠲᠠᠨ ᠤ ᠬᠦᠷᠢᠶᠡᠯᠡᠩ ᠪᠣᠯᠤᠨ ᠲᠤᠬᠠᠢ ᠶᠢᠨ ᠬᠦᠮᠦᠨ ᠦ ᠥᠪᠡᠷ ᠦᠨ ᠬᠢᠨᠢ ᠡᠵᠡᠮᠰᠢᠯ ᠳᠦ ᠪᠠᠶᠢᠭ᠎ᠠ ᠭᠡᠨ᠎ᠡ᠃ ᠬᠠᠷᠢᠨ ᠡᠳᠡᠨ ᠢ ᠰᠤᠷᠭᠠᠬᠤ ᠱᠠᠭᠠᠷᠳᠠᠯᠭ᠎ᠠ ᠭᠠᠷᠤᠭᠰᠠᠨ ᠲᠤᠯᠠ ᠫᠧᠲ᠋ᠷ ᠷᠣᠯᠢᠹ ︽ᠠᠯᠲᠠᠢ ᠡᠺᠰᠫᠧᠳᠢᠰᠢᠨ︾ ᠺᠣᠮᠫᠠᠨᠢ ᠳᠤ ᠵᠠᠬᠢᠶᠠᠯᠠᠭ᠎ᠠ ᠥᠭᠴᠦ᠂ ᠺ∙ᠨᠠᠤᠷᠢᠽᠪᠸᠺ ᠢ ᠠᠵᠢᠯᠯᠠᠭᠤᠯᠬᠤ ᠪᠠᠷ ᠪᠣᠯᠤᠭᠰᠠᠨ ᠪᠠᠶᠢᠨ᠎ᠠ᠃
ᠺ∙ᠨᠠᠤᠷᠢᠽᠪᠸᠺ ᠨᠢ ᠥᠩᠭᠡᠷᠡᠭᠰᠡᠨ ᠣᠨ ᠤ ᠶᠢᠰᠦᠳᠦᠭᠡᠷ ᠰᠠᠷ᠎ᠠ ᠳᠤ ︽ᠠᠯᠲᠠᠢ ᠡᠺᠰᠫᠧᠳᠢᠰᠢᠨ︾ ᠺᠣᠮᠫᠠᠨᠢ ᠶᠢᠨ ᠰᠠᠭᠰᠠᠢ ᠰᠤᠮᠤᠨ ᠳᠤ ᠵᠢᠯ ᠪᠦᠷᠢ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠳᠠᠭ ︽ᠪᠦᠷᠭᠦᠳ ᠦᠨ ᠪᠠᠶᠠᠷ︾ ᠠᠷᠭ᠎ᠠ ᠬᠡᠮᠵᠢᠶᠡᠨ ᠦ ᠦᠶ᠎ᠡ ᠪᠡᠷ ᠵᠠᠶᠢᠳᠠᠩ ᠮᠣᠷᠢ ᠰᠤᠷᠭᠠᠬᠤ ᠲᠡᠮᠡᠴᠡᠭᠡᠨ ᠳᠦ ᠣᠷᠣᠯᠴᠠᠨ ᠲᠡᠷᠢᠭᠦᠨ ᠪᠠᠶᠢᠷᠢᠨ ᠤ ᠱᠠᠩᠨᠠᠯ ᠬᠦᠷᠲᠡᠵᠦ ᠪᠠᠶᠢᠪᠠ᠃ ᠲᠡᠷᠡ ᠭᠧᠷᠮᠠᠨ ᠳᠤ ᠭᠤᠷᠪᠠᠨ ᠳᠣᠯᠣᠭ᠎ᠠ ᠬᠣᠨᠣᠭ ᠠᠵᠢᠯᠯᠠᠬᠤ ᠠᠵᠡᠢ᠃