ᠪᠠᠶᠠᠨᠬᠣᠩᠭᠣᠷ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠍ ᠤᠨ ᠠᠶᠠᠯᠠᠯ ᠵᠢᠭᠤᠯᠴᠢᠯᠠᠯ᠂ ᠭᠠᠳᠠᠭᠠᠳᠤ ᠬᠠᠷᠢᠯᠴᠠᠭᠠᠨ ᠤ ᠠᠯᠪᠠᠨ ᠠᠴᠠ ᠵᠢᠯ ᠪᠦᠷᠢ ᠵᠣᠬᠢᠶᠠᠨ ᠶᠠᠪᠤᠭᠤᠯᠳᠠᠭ ︽ᠲᠤᠶᠢᠨ ᠭᠣᠣᠯ ᠤᠨ ᠵᠢᠪᠠᠷ 2019︾ ᠡᠪᠦᠯ ᠦᠨ ᠨᠠᠭᠠᠳᠤᠮ ᠢ ᠡᠨᠡ ᠠᠮᠠᠷᠠᠯᠲᠠ ᠶᠢᠨ ᠡᠳᠦᠷ ᠲᠤᠶᠢᠨ ᠭᠣᠣᠯ ᠦᠨ ᠮᠥᠰᠦᠨ ᠳᠡᠭᠡᠷ᠎ᠡ ᠵᠣᠬᠢᠶᠠᠨ ᠪᠠᠶᠢᠭᠤᠯᠤᠯ᠎ᠠ᠃ ᠨᠡᠭᠦᠳᠡᠯᠴᠢᠨ ᠠᠷᠠᠳ ᠲᠦᠮᠡᠨ ᠦ ᠤᠯᠠᠮᠵᠢᠯᠠᠯᠲᠤ ᠠᠬᠤᠢ᠂ ᠪᠡᠶᠡᠲᠦ ᠪᠣᠯᠤᠨ ᠪᠡᠶᠡᠲᠦ ᠪᠤᠰᠤ ᠰᠤᠶᠤᠯ ᠤᠨ ᠥᠪ ᠢ ᠬᠠᠳᠠᠭᠠᠯᠠᠬᠤ᠂ ᠲᠠᠨᠢᠭᠤᠯᠤᠨ ᠰᠤᠷᠲᠠᠯᠴᠢᠯᠠᠬᠤ᠂ ᠡᠪᠦᠯ ᠦᠨ ᠰᠫᠣᠷᠲ ᠢ ᠬᠥᠭᠵᠢᠭᠦᠯᠬᠦ ᠵᠣᠷᠢᠯᠭ᠎ᠠ ᠪᠦᠬᠦᠢ ᠲᠤᠰ ᠠᠷᠭ᠎ᠠ ᠬᠡᠮᠵᠢᠶᠡᠨ ᠳᠦ ᠪᠠᠶᠠᠨᠬᠣᠩᠭᠣᠷ ᠰᠤᠮᠤ ᠶᠢᠨ 35 ᠠᠵᠤ ᠠᠬᠤᠢ ᠶᠢᠨ ᠨᠢᠭᠡᠴᠡ᠂ ᠪᠠᠶᠢᠭᠤᠯᠤᠯᠭ᠎ᠠ᠂ ᠣᠷᠣᠨ ᠨᠤᠲᠤᠭ ᠠᠴᠠ ᠪᠠᠶᠠᠨᠬᠣᠩᠭᠣᠷ᠂ ᠪᠠᠶᠠᠨ-ᠣᠪᠣᠭ᠎ᠠ᠂ ᠥᠯᠵᠡᠶᠢᠲᠦ ᠰᠤᠮᠤ ᠶᠢᠨ ᠢᠷᠭᠡᠳ ᠬᠦᠷᠦᠯᠴᠡᠨ ᠢᠷᠡᠵᠦ ᠳᠠᠪᠬᠤᠷᠳᠠᠭᠰᠠᠨ ᠲᠣᠭ᠎ᠠ ᠪᠠᠷ 3000 ᠬᠦᠮᠦᠨ ᠬᠠᠮᠤᠷᠤᠭᠳᠠᠭᠰᠠᠨ ᠪᠠᠶᠢᠨ᠎ᠠ᠃
ᠯᠠᠮᠠ ᠶᠢᠨ ᠭᠡᠭᠡᠨ ᠦ 380 ᠵᠢᠯ ᠦᠨ ᠣᠢ ᠡᠨᠡ ᠣᠨ ᠳᠤ ᠲᠣᠬᠢᠶᠠᠬᠤ ᠲᠠᠢ ᠬᠣᠯᠪᠣᠭᠳᠠᠭᠤᠯᠤᠨ ᠭᠣᠩ ᠭᠠᠨᠳᠠᠨ ᠳ᠋ᠡᠳᠡᠯ ᠦᠨ ᠬᠡᠶᠢᠳ ᠲᠤᠰ ᠡᠪᠦᠯ ᠦᠨ ᠨᠠᠭᠠᠳᠤᠮ ᠢ ᠬᠠᠮᠲᠤᠷᠠᠨ ᠵᠣᠬᠢᠶᠠᠨ ᠪᠠᠶᠢᠭᠤᠯᠵᠤ᠂ ᠯᠠᠮᠠ ᠶᠢᠨ ᠭᠡᠭᠡᠨ ᠦ ᠣᠨᠴᠠᠯᠢᠭ ᠢ ᠬᠠᠷᠠᠭᠤᠯᠤᠭᠰᠠᠨ ᠮᠥᠰᠦᠨ ᠪᠦᠲᠦᠭᠡᠯ ᠤᠷᠠᠯᠠᠵᠤ᠂ ᠮᠥᠨ ᠦᠶ᠎ᠡ ᠪᠡᠷ ᠬᠤᠷᠠᠨ ᠴᠤᠭᠯᠠᠷᠠᠭᠰᠠᠨ ᠰᠦᠰᠦᠭᠲᠡᠨ ᠤᠯᠠᠨ ᠳᠤ ᠠᠶᠢᠯᠠᠳᠪᠤᠷᠢ ᠠᠶᠢᠯᠠᠳᠴᠤ᠂ ᠪᠠᠯᠢᠩ ᠤᠷᠠᠯᠠᠨ᠂ ᠤᠷᠠᠯᠠᠭᠰᠠᠨ ᠪᠦᠲᠦᠭᠡᠯ ᠦᠳ ᠦᠨ ᠳᠡᠭᠡᠵᠢ ᠡᠴᠡ ᠲᠡᠮᠡᠴᠡᠭᠡᠨ ᠤᠷᠤᠯᠳᠤᠭᠠᠨ ᠤ ᠢᠯᠠᠭᠴᠢᠳ ᠲᠤ ᠳᠤᠷᠠᠰᠬᠠᠯ ᠪᠣᠯᠭᠠᠨ ᠥᠭᠴᠡᠢ᠃ ︽ᠲᠤᠶᠢᠨ ᠭᠣᠣᠯ ᠤᠨ ᠵᠢᠪᠠᠷ 2019︾ ᠡᠪᠦᠯ ᠦᠨ ᠨᠠᠭᠠᠳᠤᠮ ᠤᠨ ᠰᠠᠶᠢᠬᠠᠨ ᠬᠣᠣᠰ ᠤᠨ ᠲᠡᠮᠡᠴᠡᠭᠡᠨ ᠦ ᠦᠶ᠎ᠡ ᠪᠡᠷ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠬᠣᠲᠠ ᠶᠢᠨ ᠦᠨᠳᠦᠰᠦᠨ ᠦ ᠬᠤᠪᠴᠠᠰᠤᠨ ᠤ ᠦᠢᠯᠡᠳᠪᠦᠷᠢ ᠶᠢᠨ ᠵᠠᠬᠢᠷᠤᠯ ᠨ᠂ ᠨᠠᠪᠴᠢᠨᠬᠤᠸᠠᠷ ᠵᠣᠴᠢᠨ ᠰᠢᠭᠦᠭᠴᠢ ᠪᠡᠷ ᠠᠵᠢᠯᠯᠠᠵᠤ᠂ ︽ᠲᠠᠯ᠎ᠠ ᠶᠢᠨ ᠲᠦᠮᠡᠨ ᠠᠳᠤᠭᠤ︾ ᠡᠪᠦᠯ ᠦᠨ ᠨᠠᠭᠠᠳᠤᠮ ᠢ ᠡ᠊∙ᠴᠡᠷᠡᠩᠪᠠᠲᠤ ᠬᠦᠷᠦᠯᠴᠡᠨ ᠢᠷᠡᠭᠰᠡᠨ ᠵᠡᠷᠭᠡ ᠨᠢ ᠲᠤᠬᠠᠢ ᠶᠢᠨ ᠠᠷᠭ᠎ᠠ ᠬᠡᠮᠵᠢᠶᠡᠨ ᠦ ᠴᠠᠷ᠎ᠠ ᠬᠦᠷᠢᠶ᠎ᠡ ᠤᠯᠠᠮ ᠥᠷᠭᠡᠵᠢᠵᠦ ᠪᠤᠢ ᠶᠢ ᠬᠠᠷᠠᠭᠤᠯᠵᠠᠢ ᠃