2019 ᠣᠨ ᠤ ᠨᠢᠭᠡᠳᠦᠭᠡᠷ ᠰᠠᠷ᠎ᠠ ᠶᠢᠨ 16 ᠍ ᠤ ᠪᠠᠶᠢᠳᠠᠯ ᠢᠶᠠᠷ ᠰᠠᠷ᠎ᠠ ᠰᠢᠨ᠎ᠡ ᠶᠢᠨ ᠪᠠᠶᠠᠷ ᠤᠨ ᠰᠢᠷᠡᠭᠡᠨ ᠦ ᠤᠭᠤᠴᠠ ᠳᠤᠮᠳᠠᠴᠢ ᠪᠠᠷ 230 ᠮᠢᠩᠭᠠᠨ ᠲᠥᠭᠥᠷᠢᠭ ᠪᠠᠶᠢᠨ᠎ᠠ᠃ 2018 ᠣᠨ ᠤ ᠰᠠᠷ᠎ᠠ ᠰᠢᠨ᠎ᠡ ᠶᠢᠨ ᠪᠠᠶᠠᠷ ᠤᠨ ᠡᠮᠦᠨᠡᠬᠢ ᠦᠶ᠎ᠡ ᠲᠠᠢ ᠬᠠᠷᠢᠴᠠᠭᠤᠯᠬᠤ ᠳᠤ ᠤᠭᠤᠴᠠᠨ ᠤ ᠦᠨ᠎ᠡ 10.8 ᠬᠤᠪᠢ ᠪᠠᠷ ᠪᠤᠶᠤ 22500 ᠲᠥᠭᠥᠷᠢᠭ ᠢᠶᠡᠷ ᠥᠰᠦᠭᠰᠡᠨ ᠪᠠᠶᠢᠨ᠎ᠠ᠃ ᠣᠪᠣᠷ ᠬᠡᠮᠵᠢᠶ᠎ᠡ ᠪᠠᠭ᠎ᠠ ᠤᠭᠤᠴᠠ ᠶᠢ ︽ᠬᠦᠴᠦᠲᠦ ᠱᠣᠩᠬᠣᠷ︾ ᠵᠠᠬ᠎ᠠ ᠳᠡᠭᠡᠷ᠎ᠡ 150-160 ᠮᠢᠩᠭᠠᠨ ᠲᠥᠭᠥᠷᠢᠭ᠂ ᠳᠤᠮᠳᠠ ᠬᠡᠮᠵᠢᠶᠡᠨ ᠦ ᠤᠭᠤᠴᠠ ᠶᠢ 180-220 ᠮᠢᠩᠭᠠᠨ ᠲᠥᠭᠥᠷᠢᠭ᠂ ᠲᠣᠮᠣ ᠣᠪᠣᠷ ᠬᠡᠮᠵᠢᠶ᠎ᠡ ᠲᠡᠢ ᠤᠭᠤᠴᠠ ᠶᠢ 250 -300 ᠮᠢᠩᠭᠠᠨ ᠲᠥᠭᠥᠷᠢᠭ ᠢᠶᠡᠷ ᠲᠤᠰ ᠲᠤᠰ ᠬᠤᠳᠠᠯᠳᠤᠵᠤ ᠪᠠᠶᠢᠨ᠎ᠠ᠃
ᠴᠠᠭᠠᠨ ᠰᠠᠷ᠎ᠠ ᠶᠢᠨ ᠪᠠᠶᠠᠷ ᠤᠨ ᠰᠢᠷᠡᠭᠡᠨ ᠦ ᠲᠠᠪᠠᠭ ᠤᠨ ᠭᠣᠣᠯ ᠢᠳᠡᠭᠡ ᠪᠣᠯᠬᠤ ᠬᠡᠪ ᠦᠨ ᠪᠤᠤᠪᠤ ᠶᠢᠨ ᠦᠨ᠎ᠡ ᠨᠢᠭᠡ ᠰᠢᠷᠬᠡᠭ ᠨᠢ ᠳᠤᠮᠳᠠᠴᠢ ᠪᠠᠷ 2583 ᠲᠥᠭᠥᠷᠢᠭ ᠪᠠᠶᠢᠨ᠎ᠠ᠃ 2018 ᠣᠨ ᠤ ᠴᠠᠭᠠᠨ ᠰᠠᠷ᠎ᠠ ᠶᠢᠨ ᠪᠠᠶᠠᠷ ᠤᠨ ᠡᠮᠦᠨᠡᠬᠢ ᠦᠶ᠎ᠡ ᠲᠠᠢ ᠬᠠᠷᠢᠴᠠᠭᠤᠯᠬᠤ ᠳᠤ ᠬᠡᠪ ᠦᠨ ᠪᠤᠤᠪᠤ ᠶᠢᠨ ᠦᠨ᠎ᠡ 22.3 ᠬᠤᠪᠢ ᠪᠠᠷ ᠪᠤᠶᠤ 470 ᠲᠥᠭᠥᠷᠢᠭ ᠢᠶᠡᠷ ᠥᠰᠦᠭᠰᠡᠨ ᠪᠠᠶᠢᠯ᠎ᠠ᠃