ᠪᠠᠶᠠᠨ-ᠥᠯᠥᠭᠡᠢ ᠠᠶᠢᠮᠠᠭ ᠤᠨ ᠪᠠᠶᠠᠨᠨᠠᠭᠤᠷ ᠰᠤᠮᠤ ᠶᠢᠨ ᠬᠠᠷᠢᠶᠠᠲᠤ᠂ ᠠᠶᠢᠮᠠᠭ ᠤᠨ ᠬᠤᠷᠴᠠ ᠠᠷᠰᠯᠠᠨ ᠶ∙ᠳ᠋ᠠᠭᠢᠰ ᠤᠨ ᠨᠡᠷᠡᠮᠵᠢᠲᠦ ᠰᠤᠮᠤ ᠶᠢᠨ ᠴᠣᠯᠠ ᠲᠠᠢ ᠪᠣᠯᠤᠨ ᠵᠠᠯᠠᠭᠤ ᠪᠥᠬᠡᠴᠦᠳ ᠦᠨ ᠦᠨᠳᠦᠰᠦᠨ ᠦ ᠪᠥᠬᠡ ᠶᠢᠨ ᠠᠶᠢᠮᠠᠭ ᠤᠨ ᠠᠪᠤᠷᠭᠤ ᠰᠢᠯᠭᠠᠷᠠᠭᠤᠯᠬᠤ ᠪᠠᠷᠢᠯᠳᠤᠭᠠᠨ ᠡᠨᠡ ᠰᠠᠷ᠎ᠠ ᠶᠢᠨ 19 ᠦ ᠡᠳᠦᠷ ᠥᠯᠥᠭᠡᠢ ᠬᠣᠲᠠ ᠶᠢᠨ ᠰᠫᠣᠷᠲ ᠴᠣᠭᠴᠠᠯᠠᠪᠤᠷᠢ ᠳᠤ ᠪᠣᠯᠤᠯ᠎ᠠ᠃ ᠤᠭ ᠠᠷᠭ᠎ᠠ ᠬᠡᠮᠵᠢᠶ᠎ᠡ ᠶᠢ ᠠᠶᠢᠮᠠᠭ ᠤᠨ ᠪᠡᠶ᠎ᠡ ᠶᠢᠨ ᠲᠠᠮᠢᠷ ᠰᠫᠣᠷᠲ ᠤᠨ ᠭᠠᠵᠠᠷ᠂ ︽ᠲᠠᠪᠤᠨᠪᠤᠭᠳᠠ ᠶᠢᠨ ᠪᠦᠷᠭᠦᠳ ᠦᠳ ᠳᠡᠪᠵᠢᠶ᠎ᠡ︾᠂ ︽ᠺᠧᠷᠧᠢ︾ ᠬᠣᠷᠰᠢᠶ᠎ᠠ ᠪᠣᠯᠤᠨ ᠶ∙ᠳ᠋ᠠᠭᠢᠰ ᠠᠭᠰᠠᠨ ᠤ ᠲᠥᠷᠥᠯ ᠲᠥᠷᠥᠭᠰᠡᠳ ᠨᠢ ᠬᠠᠮᠲᠤᠷᠠᠨ ᠵᠣᠬᠢᠶᠠᠨ ᠪᠠᠶᠢᠭᠤᠯᠵᠠᠢ᠃ ᠪᠠᠷᠢᠯᠳᠤᠭᠠᠨ ᠳᠤ ᠪᠠᠶᠠᠨ-ᠥᠯᠥᠭᠡᠢ᠂ ᠤᠪᠰᠤ ᠠᠶᠢᠮᠠᠭ ᠤᠳ ᠠᠴᠠ 60 ᠣᠷᠴᠢᠮ ᠪᠥᠬᠡ ᠬᠦᠴᠦ ᠦᠵᠡᠨ ᠵᠣᠳᠣᠭᠯᠠᠭᠰᠠᠨ ᠠᠴᠠ ᠤᠪᠰᠤ ᠠᠶᠢᠮᠠᠭ ᠤᠨ ᠪᠦᠬᠡᠮᠦ᠋ᠷᠡᠨ ᠰᠤᠮᠤ ᠶᠢᠨ ᠬᠠᠷᠢᠶᠠᠲᠤ᠂ ᠰᠤᠮᠤ ᠶᠢᠨ ᠵᠠᠭᠠᠨ ᠶ ∙ ᠠᠯᠲᠠᠨᠬᠤᠶᠠᠭ ᠲᠦᠷᠦᠭᠦᠯᠡᠵᠦ᠂ ᠪᠠᠶᠠᠨ-ᠥᠯᠥᠭᠡᠢ ᠠᠶᠢᠮᠠᠭ ᠤᠨ ᠤᠯᠠᠭᠠᠨᠬᠤᠰᠤ ᠰᠤᠮᠤ ᠶᠢᠨ ᠬᠠᠷᠢᠶᠠᠲᠤ᠂ ᠰᠤᠮᠤ ᠶᠢᠨ ᠵᠠᠭᠠᠨ ᠪ ∙ ᠵᠠᠩᠳᠣᠰ ᠤᠳᠠᠭᠠᠯᠠᠭᠰᠠᠨ ᠪᠠᠶᠢᠨ᠎ᠠ᠃
ᠶ∙ᠳ᠋ᠠᠭᠢᠰ ᠨᠢ 1957-1963 ᠣᠨ ᠨᠤᠭᠤᠳ ᠲᠤ ᠠᠶᠢᠮᠠᠭ ᠤᠨ ᠪᠠᠶᠠᠷ ᠨᠠᠭᠠᠳᠤᠮ ᠳᠤ ᠲᠠᠪᠤᠨ ᠤᠳᠠᠭ᠎ᠠ ᠲᠦᠷᠦᠭᠦᠯᠡᠵᠦ᠂ ᠨᠢᠭᠡ ᠤᠳᠠᠭ᠎ᠠ ᠦᠵᠦᠭᠦᠷᠯᠡᠭᠰᠡᠨ ᠬᠦᠴᠦᠲᠡᠨ ᠠᠵᠡᠢ᠃