ᠮᠤᠩᠭᠤᠯ ᠤᠯᠤᠰ ᠤᠨ ᠪᠤᠯᠪᠠᠰᠤᠷᠠᠯ ᠤᠨ ᠶᠡᠬᠡ ᠰᠤᠷᠭᠠᠭᠤᠯᠢ ᠶᠢᠨ ᠠᠷᠤᠬᠠᠩᠭᠠᠢ ᠳ᠋ᠡᠬᠢ ᠪᠠᠭᠰᠢ ᠶᠢᠨ ᠰᠤᠷᠭᠠᠭᠤᠯᠢ ᠳᠤ 2018-2019 ᠣᠨ ᠤ ᠬᠢᠴᠢᠶᠡᠯ ᠦᠨ ᠵᠢᠯ ᠳᠦ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠬᠣᠲᠠ ᠶᠢᠨ ᠣᠲᠣᠭ ᠤᠨ ᠡᠮᠦᠨᠡᠲᠦ ᠬᠣᠰᠢᠭᠤᠨ ᠠᠴᠠ 59᠂ ᠰᠢᠯᠢ ᠶᠢᠨ ᠭᠣᠣᠯ ᠠᠶᠢᠮᠠᠭ ᠠᠴᠠ 1 ᠮᠠᠭᠢᠰᠲ᠋ᠷᠠᠨᠲ ᠪᠣᠯᠪᠠᠰᠤᠷᠠᠯ ᠰᠤᠳᠤᠯᠤᠯ ᠪᠣᠯᠤᠨ ᠰᠤᠷᠭᠠᠭᠤᠯᠢ ᠶᠢᠨ ᠡᠮᠦᠨᠡᠬᠢ ᠪᠣᠯᠪᠠᠰᠤᠷᠠᠯ ᠤᠨ ᠴᠢᠭᠯᠡᠯ ᠢᠶᠡᠷ ᠰᠤᠷᠤᠯᠴᠠᠵᠤ ᠪᠠᠶᠢᠨ᠎ᠠ᠃ ᠲᠡᠳᠡ 2020 ᠣᠨ ᠤ ᠡᠪᠦᠯ ᠲᠡᠭᠦᠰᠬᠦ ᠶᠤᠮ᠃
ᠮᠠᠭᠢᠰᠲ᠋ᠷᠠᠨᠲ ᠤᠳ 4 ᠡᠭᠡᠯᠵᠢ ᠪᠡᠷ ᠬᠢᠴᠢᠶᠡᠯᠯᠡᠬᠦ ᠪᠥᠭᠡᠳ ᠣᠳᠣ ᠶᠢᠨ ᠪᠠᠶᠢᠳᠠᠯ ᠢᠶᠠᠷ ᠵᠤᠨ ᠤ ᠤᠯᠠᠷᠢᠯ ᠤᠨ ᠰᠤᠷᠭᠠᠯᠲᠠ ᠳᠠᠭᠤᠰᠴᠦ ᠂ ᠬᠤᠶᠠᠳᠠᠬᠢ ᠡᠭᠡᠯᠵᠢ ᠶᠢᠨ ᠡᠪᠦᠯ ᠦᠨ ᠤᠯᠠᠷᠢᠯ ᠤᠨ ᠰᠤᠷᠭᠠᠯᠲᠠ ᠡᠨᠡ ᠰᠠᠷ᠎ᠠ ᠶᠢᠨ 05 ᠍ ᠠᠴᠠ 01 ᠰᠠᠷ᠎ᠠ ᠶᠢᠨ 25 ᠤ ᠡᠳᠦᠷ ᠦᠨ ᠬᠣᠭᠣᠷᠣᠨᠳᠣ ᠶᠠᠪᠤᠭᠳᠠᠵᠤ ᠪᠠᠶᠢᠨ᠎ᠠ᠃ ᠡᠳᠡᠭᠡᠷ ᠰᠤᠷᠤᠯᠴᠠᠭᠴᠢ ᠶᠢᠨ ᠳᠤᠮᠳᠠ ᠲᠣᠭᠠᠨ ᠤ ᠤᠬᠠᠭᠠᠨ᠂ ᠳᠠᠭᠤᠤ ᠬᠥᠭᠵᠢᠮ ᠦᠨ᠂ ᠭᠠᠷ ᠤᠷᠠᠯᠠᠯ ᠤᠨ᠂ ᠪᠡᠶ᠎ᠡ ᠶᠢᠨ ᠲᠠᠮᠢᠷ ᠤᠨ᠂ ᠭᠠᠳᠠᠭᠠᠳᠤ ᠬᠡᠯᠡᠨ ᠦ᠂ ᠮᠣᠩᠭᠣᠯ ᠬᠡᠯᠡᠨ ᠦ ᠭᠡᠰᠡᠨ ᠮᠡᠷᠭᠡᠵᠢᠯ ᠪᠦᠷᠢ ᠶᠢᠨ ᠪᠠᠭᠰᠢ ᠨᠠᠷ ᠪᠠᠶᠢᠭ᠎ᠠ ᠠᠵᠢ᠃ ᠲᠡᠳᠡ ᠮᠣᠩᠭᠣᠯ ᠳᠤ ᠢᠷᠡᠭᠰᠡᠨ ᠳᠦ ᠪᠡᠨ ᠰᠡᠳᠬᠢᠭᠳᠡᠯ ᠶᠡᠬᠡ ᠥᠨᠳᠥᠷ ᠪᠠᠶᠢᠭ᠎ᠠ ᠪᠥᠭᠡᠳ ᠮᠣᠩᠭᠣᠯ ᠤᠨ ᠲᠡᠦᠬᠡ ᠰᠤᠶᠤᠯ᠂ ᠨᠤᠲᠤᠭ ᠣᠷᠣᠨ ᠲᠠᠢ ᠲᠠᠨᠢᠯᠴᠠᠭᠠᠳ ᠰᠣᠨᠢᠷᠬᠠᠯᠲᠠᠢ ᠰᠠᠨᠠᠭᠳᠠᠵᠤ ᠪᠤᠢ ᠪᠠᠨ ᠶᠠᠷᠢᠵᠤ ᠪᠠᠶᠢᠪᠠ᠃