ᠮᠣᠩᠭᠣᠯ ᠤᠨ ᠬᠥᠷᠥᠩᠭᠡ ᠶᠢᠨ ᠪᠢᠷᠵᠢ ᠳᠦ ᠰᠢᠨ᠎ᠡ ᠪᠡᠷ ᠪᠦᠷᠢᠳᠬᠡᠭᠦᠯᠦᠭᠰᠡᠨ ︽ᠲᠦᠮᠡᠨ ᠰᠢᠪᠠᠭᠤᠲᠤ︾ ᠺᠤᠮᠫᠠᠨᠢ ᠶᠢᠨ ᠦᠨᠡᠲᠦ ᠴᠠᠭᠠᠰᠤᠨ ᠤ ᠠᠩᠬᠠᠳᠠᠭᠴᠢ ᠵᠠᠬ᠎ᠠ ᠵᠡᠭᠡᠯᠢ ᠶᠢᠨ ᠠᠷᠠᠯᠵᠢᠶᠠᠨ ᠤ ᠵᠠᠬᠢᠶᠠᠯᠠᠭ᠎ᠠ ᠶᠢ ᠡᠬᠢᠯᠡᠭᠦᠯᠵᠦ᠂ ᠴᠠᠩ ᠴᠤᠬᠢᠬᠤ ᠶᠣᠰᠣᠯᠠᠯ ᠢᠶᠠᠨ ᠥᠴᠥᠭᠡᠳᠦᠷ ᠬᠢᠵᠡᠢ᠃ ᠰᠠᠩᠬᠦᠦ ᠶᠢᠨ ᠵᠣᠬᠢᠴᠠᠭᠤᠯᠬᠤ ᠬᠣᠷᠢᠶᠠᠨ ᠤ ᠳᠠᠷᠤᠭ᠎ᠠ ᠰ∙ᠳᠠᠸᠠᠰᠦ᠋ᠷᠦᠩ᠂ ᠮᠣᠩᠭᠣᠯ ᠤᠨ ᠬᠥᠷᠥᠩᠭᠡ ᠶᠢᠨ ᠪᠢᠷᠵᠢ ᠶᠢᠨ ᠭᠦᠢᠴᠡᠳᠭᠡᠬᠦ ᠵᠠᠬᠢᠷᠤᠯ ᠬ∙ᠠᠯᠲᠠᠢ᠂ ︽ᠲᠦᠮᠡᠨ ᠰᠢᠪᠠᠭᠤᠲᠤ︾ ᠶᠢᠨ ᠡᠭᠦᠰᠬᠡᠨ ᠪᠠᠶᠢᠭᠤᠯᠤᠯᠭᠴᠢ ᠯ∙ᠡᠷᠬᠢᠮᠪᠠᠶᠠᠷ᠂ ︽ᠭᠣᠯᠣᠮᠲᠠ ᠺᠠᠫᠢᠲ᠋ᠠᠯ ᠦᠨᠡᠲᠦ ᠴᠠᠭᠠᠰᠤᠨ ᠤ ᠺᠣᠮᠫᠠᠨᠢ︾ ᠶᠢᠨ ᠭᠦᠢᠴᠡᠳᠭᠡᠬᠦ ᠵᠠᠬᠢᠷᠤᠯ ᠨ ᠂ ᠮᠥᠩᠬᠡᠵᠢᠷᠭᠠᠯ ᠨᠠᠷ ᠮᠣᠩᠭᠣᠯ ᠤᠨ ᠬᠥᠷᠥᠩᠭᠡ ᠶᠢᠨ ᠪᠢᠷᠵᠢ ᠶᠢᠨ 5892 ᠳ᠋ᠡᠬᠢ ᠠᠷᠠᠯᠵᠢᠶ᠎ᠠ ᠶᠢ ᠡᠬᠢᠯᠡᠭᠦᠯᠬᠦ ᠬᠦᠨᠳᠦᠳᠬᠡᠯ ᠦᠨ ᠴᠠᠩ ᠢ ᠴᠣᠬᠢᠭᠰᠠᠨ ᠪᠠᠶᠢᠨ᠎ᠠ᠃
︽ᠲᠦᠮᠡᠨ ᠰᠢᠪᠠᠭᠤᠲᠤ︾ ᠺᠣᠮᠫᠠᠨᠢ ᠠᠩᠬ᠎ᠠ 2004 ᠣᠨ ᠳᠤ 18 ᠠᠵᠢᠯᠲᠠᠨ᠂ 20000 ᠥᠨᠳᠡᠭᠡᠯᠡᠭᠴᠢ ᠲᠠᠬᠢᠶ᠎ᠠ ᠲᠠᠢ ᠪᠠᠷ ᠦᠢᠯᠡ ᠠᠵᠢᠯᠯᠠᠭ᠎ᠠ ᠪᠠᠨ ᠡᠬᠢᠯᠡᠭᠦᠯᠵᠡᠢ᠃ ᠣᠳᠣ 160 ᠭᠠᠷᠤᠢ ᠠᠵᠢᠯᠲᠠᠨ᠂ 310000 ᠭᠠᠷᠤᠢ ᠥᠨᠳᠡᠭᠡᠯᠡᠭᠴᠢ ᠲᠠᠬᠢᠶ᠎ᠠ ᠲᠠᠢ ᠪᠤᠯᠵᠠᠢ᠃ ᠮᠣᠩᠭᠣᠯ ᠤᠨ ᠥᠨᠳᠡᠭᠡ ᠦᠢᠯᠡᠳᠪᠦᠷᠢᠯᠡᠯ ᠦᠨ ᠰᠠᠯᠪᠤᠷᠢ ᠶᠢᠨ 53 ᠬᠤᠪᠢ ᠶᠢ ᠳᠠᠩ ᠢᠶᠠᠷ ᠭᠦᠢᠴᠡᠳᠭᠡᠳᠡᠭ᠃ ᠲᠤᠰ ᠺᠣᠮᠫᠠᠨᠢ ᠥᠨᠳᠡᠭᠡᠯᠡᠭᠴᠢ ᠲᠠᠬᠢᠶᠠᠨ ᠤ ᠠᠵᠤ ᠠᠬᠤᠢ᠂ ᠤᠰᠤᠯᠠᠭ᠎ᠠ ᠲᠠᠢ ᠭᠠᠵᠠᠷ ᠲᠠᠷᠢᠶᠠᠯᠠᠩ᠂ ᠭᠤᠯᠢᠷ ᠲᠡᠵᠢᠭᠡᠯ ᠦᠨ ᠦᠢᠯᠡᠳᠪᠦᠷᠢᠯᠡᠯ ᠢᠶᠡᠨ ᠥᠷᠭᠡᠵᠢᠭᠦᠯᠬᠦ ᠪᠣᠯᠤᠨ ᠮᠢᠬᠠᠨ ᠤ ᠴᠢᠭᠯᠡᠯ ᠦᠨ ᠲᠠᠬᠢᠶᠠᠨ ᠤ ᠠᠵᠤ ᠠᠬᠤᠢ᠂ ᠣᠷᠭᠠᠨᠢᠭ ᠪᠣᠷᠳᠣᠭᠠᠨ ᠤ ᠦᠢᠯᠡᠳᠪᠦᠷᠢ ᠶᠢ ᠰᠢᠨ᠎ᠡ ᠪᠡᠷ ᠪᠠᠷᠢᠬᠤ ᠵᠣᠷᠢᠯᠭ᠎ᠠ ᠪᠠᠷ ᠨᠡᠶᠢᠲᠡ ᠬᠤᠪᠢᠴᠠᠭᠠᠨ ᠤ ᠪᠠᠨ 25 ᠬᠤᠪᠢ ᠪᠤᠶᠤ 5000000 ᠰᠢᠷᠬᠡᠭ ᠬᠤᠪᠢᠴᠠᠭ᠎ᠠ ᠶᠢ ᠨᠢᠭᠡ ᠪᠦᠷᠢ ᠶᠢ ᠨᠢ 200 ᠲᠥᠭᠥᠷᠢᠭ ᠢᠶᠡᠷ ᠣᠯᠠᠨ ᠨᠡᠶᠢᠲᠡ ᠳᠦ ᠰᠠᠨᠠᠯ ᠪᠣᠯᠭᠠᠭᠰᠠᠨ ᠪᠠᠶᠢᠨ᠎ᠠ᠃ ᠨᠡᠶᠢᠲᠡ ᠠᠷᠪᠠᠨ ᠲᠡᠷᠪᠤᠮ ᠲᠥᠭᠥᠷᠢᠭ ᠢ ᠲᠠᠲᠠᠨ ᠲᠥᠪᠯᠡᠷᠡᠭᠦᠯᠬᠦ ᠪᠡᠷ ᠵᠣᠷᠢᠵᠠᠢ᠃