2018 ᠣᠨ ᠳᠤ ᠮᠠᠨ ᠤ ᠤᠯᠤᠰ ᠤᠨ ᠭᠤᠷᠪᠠᠨ ᠠᠺᠠᠳᠧᠮᠢᠴᠢ ᠭᠠᠳᠠᠭᠠᠳᠤ ᠣᠷᠣᠨ ᠨᠤᠭᠤᠳ ᠤᠨ ᠰᠢᠨᠵᠢᠯᠡᠬᠦ ᠤᠬᠠᠭᠠᠨ ᠤ ᠰᠠᠯᠪᠤᠷᠢ ᠶᠢᠨ ᠲᠣᠮᠣᠬᠠᠨ ᠱᠠᠩᠨᠠᠯ ᠤᠳ ᠢ ᠬᠦᠷᠲᠡᠭᠰᠡᠨ ᠪᠠᠶᠢᠨ᠎ᠠ᠃ ᠠᠺᠠᠳᠧᠮᠢᠴᠢ ᠳ∙ᠳᠣᠷᠵᠢᠭᠣᠲᠤᠪ ᠮᠣᠩᠭᠣᠯ ᠤᠯᠤᠰ ᠠᠴᠠ ᠠᠩᠬ᠎ᠠ ᠤᠳᠠᠭ᠎ᠠ ᠣᠷᠣᠰ ᠤᠨ ᠭᠠᠵᠠᠷ ᠵᠦᠢ ᠶᠢᠨ ᠨᠡᠶᠢᠭᠡᠮᠯᠢᠭ ᠦᠨ ᠳᠡᠭᠡᠳᠦ ᠱᠠᠩᠨᠠᠯ ᠪᠣᠯᠬᠤ ᠰ∙ ᠮ∙ᠫᠷᠵᠧᠸᠠᠯᠢᠰᠺ ᠤᠨ ᠨᠡᠷᠡᠮᠵᠢᠲᠦ ᠬᠦᠨᠳᠦᠳᠬᠡᠯ ᠦᠨ ᠠᠯᠲᠠᠨ ᠮᠧᠳᠠᠯ ᠢ ᠬᠦᠷᠲᠡᠭᠰᠡᠨ ᠪᠣᠯ ᠠᠺᠠᠳᠧᠮᠢᠴᠢ ᠯ∙ᠪᠣᠯᠣᠳ ᠲᠦᠷᠺ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ 2018 ᠣᠨ ᠤ ᠱᠠᠩᠨᠠᠯ ᠤᠨ ᠡᠵᠡᠨ ᠪᠣᠯᠵᠠᠢ᠃ ᠶᠠᠫᠣᠨ ᠤᠯᠤᠰ ᠤᠨ ᠵᠠᠰᠠᠭ ᠤᠨ ᠭᠠᠵᠠᠷ ᠤᠨ ︽ᠮᠠᠨᠳᠤᠬᠤ ᠨᠠᠷᠠ︾ ᠤᠳᠤᠨ ᠤ ︽ᠲᠤᠤᠵᠠ ᠪᠦᠬᠦᠢ ᠠᠯᠲᠠᠨ ᠲᠤᠶᠠᠭ᠎ᠠ︾ ᠵᠡᠷᠭᠡᠯᠡᠯ ᠦᠨ ᠣᠳᠣᠨ ᠢ ᠠᠺᠠᠳᠧᠮᠢᠴᠢ ᠳ∙ᠲᠡᠮᠦᠷᠲᠣᠭᠣᠭ᠎ᠠ ᠳᠤ ᠣᠯᠭᠤᠭᠰᠠᠨ ᠪᠠᠶᠢᠨ᠎ᠠ᠃ ᠠᠺᠠᠳᠧᠮᠢᠴᠢ ᠷ∙ᠪᠠᠷᠰᠪᠣᠯᠣᠳ ᠢ ︽ᠮᠣᠩᠭᠣᠯ ᠤᠨ ᠭᠧᠣᠯᠣᠭᠢ ᠪᠠ ᠠᠰᠢᠭᠲᠤ ᠮᠠᠯᠲᠠᠮᠠᠯ︾ ᠬᠡᠮᠡᠬᠦ ᠨᠠᠢᠮᠠᠨ ᠪᠣᠲᠢ ᠴᠤᠪᠤᠷᠠᠯ ᠢ ᠪᠦᠲᠦᠭᠡᠭᠰᠡᠨ ᠡᠷᠳᠡᠮᠲᠡᠳ ᠦᠨ ᠬᠠᠮᠲᠤ ᠲᠥᠷᠥ ᠶᠢᠨ ᠱᠠᠩᠨᠠᠯ ᠬᠦᠷᠲᠡᠭᠡᠭᠡᠳ ᠪᠠᠶᠢᠭ᠎ᠠ ᠪᠢᠯᠡ᠃ ᠮᠥᠨ ᠳ᠋ᠣᠺᠲ᠋ᠣᠷ ᠣ᠊∙ᠰᠠᠮᠪᠤᠳᠣᠷᠵᠢ ᠰᠢᠨᠵᠢᠯᠡᠬᠦ ᠤᠬᠠᠭᠠᠨ ᠤ ᠭᠠᠪᠢᠶᠠᠲᠤ ᠴᠣᠯᠠ ᠪᠠᠷ ᠱᠠᠩᠨᠠᠭᠤᠯᠤᠭᠰᠠᠨ ᠠᠮᠵᠢᠯᠲᠠ ᠲᠠᠢ ᠪᠠᠶᠢᠨ᠎ᠠ᠃