ᠠᠯᠲᠠᠨ ᠴᠣᠣᠵᠢ ᠶᠢ ᠰᠡᠷᠭᠦᠭᠡᠨ ᠵᠠᠰᠠᠵᠤ ᠪᠠᠶᠢᠨ᠎ᠠ | News.MN

ᠠᠯᠲᠠᠨ ᠴᠣᠣᠵᠢ ᠶᠢ ᠰᠡᠷᠭᠦᠭᠡᠨ ᠵᠠᠰᠠᠵᠤ ᠪᠠᠶᠢᠨ᠎ᠠ

ᠠᠷᠤᠬᠠᠩᠭᠠᠢ ᠠᠶᠢᠮᠠᠭ ᠤᠨ ᠬᠤᠲᠤᠩᠲᠤ ᠰᠤᠮᠤ ᠶᠢᠨ ᠪᠤᠷᠭᠠᠯᠲᠠᠢ ᠪᠠᠭ ᠤᠨ ᠣᠷᠬᠣᠨ ᠤ ᠬᠥᠨᠳᠡᠢ ᠶᠢᠨ ︽ᠬᠠᠷ᠎ᠠ ᠪᠠᠯᠭᠠᠰᠤ ︾ ᠣᠷᠳᠣᠨ ᠬᠣᠲᠠ ᠶᠢᠨ ᠪᠠᠭᠤᠷᠢ ᠠᠴᠠ ᠮᠣᠩᠭᠣᠯ ᠭᠧᠷᠮᠠᠨ ᠤ ᠬᠠᠮᠲᠤᠷᠠᠭᠰᠠᠨ ︽ᠣᠷᠬᠣᠨ︾ ᠠᠷᠬᠧᠣᠯᠣᠭᠢ ᠶᠢᠨ ᠰᠢᠨᠵᠢᠯᠡᠭᠡᠨ ᠦ ᠠᠩᠭᠢ ᠶᠢᠨ ᠬᠢᠨ ᠥᠩᠭᠡᠷᠡᠭᠰᠡᠨ ᠨᠠᠮᠤᠷ ᠢᠨᠵᠧᠨᠧᠷ ᠦᠨ ᠨᠠᠷᠢᠨ ᠬᠢᠴᠡᠲᠡᠢ ᠡᠷᠲᠡᠨ ᠦ ᠬᠤᠳᠳᠤᠭ ᠢᠯᠡᠷᠡᠭᠦᠯᠦᠭᠰᠡᠨ᠃ ᠬᠤᠳᠳᠤᠭ ᠤᠨ ᠢᠷᠤᠭᠠᠷ ᠲᠤ ᠯᠠᠺ ᠢᠶᠠᠷ ᠪᠦᠷᠢᠭᠰᠡᠨ ᠬᠣᠶᠠᠷ ᠮᠣᠳᠣᠨ ᠪᠠᠭᠠᠨ᠎ᠠ᠂ ᠲᠣᠮᠣ ᠬᠡᠮᠵᠢᠶ᠎ᠡ ᠲᠡᠢ ᠠᠯᠲᠠᠳᠠᠭᠰᠠᠨ ᠴᠣᠣᠵᠢ᠂ ᠭᠠᠨᠲᠢᠭ ᠴᠢᠯᠠᠭᠤᠨ ᠠᠷᠰᠯᠠᠨ᠂ ᠮᠣᠳᠣᠨ ᠬᠢᠷᠭᠢᠰᠦᠷ᠂ ᠨᠠᠩᠭᠢᠶᠠᠳ ᠪᠢᠴᠢᠭ ᠲᠡᠢ ᠬᠦᠷᠡᠯ ᠬᠣᠩᠬᠣ᠂ ᠲᠥᠷᠥᠯ ᠪᠦᠷᠢ ᠶᠢᠨ ᠰᠢᠪᠠᠷ ᠰᠠᠪᠠ ᠰᠠᠭᠤᠯᠭ᠎ᠠ ᠣᠯᠳᠠᠭᠰᠠᠨ ᠪᠠᠶᠢᠨ᠎ᠠ᠃
ᠣᠯᠳᠠᠪᠤᠷᠢ ᠨᠤᠭᠤᠳ ᠢ ᠤᠯᠠᠭᠠᠨᠪᠠᠭᠠᠲᠤᠷ ᠤᠨ ᠰᠤᠶᠤᠯ ᠤᠨ ᠥᠪ ᠦᠨᠳᠦᠰᠦᠲᠡᠨ ᠦ ᠲᠦᠪ ᠲᠦ ᠬᠠᠳᠠᠭᠠᠯᠠᠭᠰᠠᠨ ᠪᠠᠶᠢᠭ᠎ᠠ ᠪᠠ ᠣᠳᠣ ᠪᠠᠷ 50 ᠰᠠᠨᠲ᠋ᠢᠮᠧᠲ᠋ᠷ ᠤᠷᠲᠤ ᠲᠠᠢ ᠠᠯᠲᠠᠨ ᠴᠣᠣᠵᠢ ᠶᠢ ᠰᠡᠷᠭᠦᠭᠡᠨ ᠵᠠᠰᠠᠵᠤ ᠪᠠᠶᠢᠭ᠎ᠠ ᠠᠵᠠᠢ᠃ ᠬᠠᠷᠢᠨ ᠨᠠᠩᠭᠢᠶᠠᠳ ᠪᠢᠴᠢᠭ ᠲᠡᠢ ᠬᠦᠷᠡᠯ ᠬᠣᠩᠬᠣ ᠶᠢ ᠰᠡᠷᠭᠦᠭᠡᠨ ᠵᠠᠰᠠᠬᠤ ᠳᠤ ᠲᠤᠩ ᠬᠦᠨᠳᠦᠷᠡᠯᠲᠡᠢ ᠪᠠᠶᠢᠭ᠎ᠠ ᠪᠠ ᠬᠣᠩᠬᠣᠨ ᠤ ᠳᠡᠭᠡᠷ᠎ᠡ ᠨᠠᠩᠭᠢᠶᠠᠳ ᠪᠢᠴᠢᠭ ᠢᠶᠡᠷ ︽ᠨᠠᠢᠮᠠᠨ ᠠᠶᠠᠯᠭᠤ᠂ ᠠᠷᠪᠠᠨ ᠳᠠᠭᠤᠤ ᠶᠢ ᠬᠥᠬᠡ ᠲᠩᠷᠢ ᠳᠦ ᠡᠷᠭᠦᠪᠡ ︾ ᠭᠡᠵᠦ ᠪᠢᠴᠢᠭᠰᠡᠨ ᠢ ᠲᠦᠪᠡᠳ ᠦᠨ ᠨᠢᠭᠡ ᠡᠷᠳᠡᠮᠲᠡᠨ ᠲᠠᠶᠢᠯᠵᠤ ᠤᠩᠰᠢᠭᠠᠳ ᠪᠠᠶᠢᠭ᠎ᠠ  ᠠᠵᠠᠢ᠃ ᠬᠤᠳᠳᠤᠭ ᠠᠴᠠ ᠣᠯᠳᠠᠭᠰᠠᠨ ᠣᠯᠳᠠᠪᠤᠷᠢ ᠨᠤᠭᠤᠳ 1200 ᠭᠠᠷᠤᠢ ᠵᠢᠯ ᠦᠨ ᠨᠠᠰᠤᠲᠠᠢ ᠪᠥᠭᠡᠳ 840 ᠣᠨ ᠳᠤ ᠬᠠᠷ᠎ᠠ ᠪᠠᠯᠭᠠᠰᠤ ᠬᠣᠲᠠ ᠶᠢ  ᠺᠢᠷᠭᠢᠽ  ᠦᠳ ᠳᠠᠭᠠᠷᠢᠵᠤ ᠮᠥᠬᠥᠭᠡᠭᠰᠡᠨ ᠡᠴᠡ ᠬᠣᠶᠢᠰᠢ ᠲᠡᠷᠡ ᠴᠢᠭ ᠢᠶᠡᠷ ᠢᠶᠡᠨ ᠬᠠᠳᠠᠭᠠᠯᠠᠭᠳᠠᠨ ᠦᠯᠡᠳᠡᠭᠰᠡᠨ ᠭᠡᠳᠡᠭ ᠢ ᠠᠷᠭ᠍ᠸᠦᠯᠦᠭᠢᠴᠢᠳ ᠬᠡᠯᠡᠭᠰᠡᠨ ᠶᠤᠮ᠃

ᠰᠡᠳᠬᠢᠭᠳᠡᠯ ᠦᠯᠡᠳᠡᠭᠡᠬᠦ