ᠬ∙ᠪᠠᠶᠠᠨᠮᠦ᠋ᠩᠬᠡ᠄ ᠪᠡᠷᠬᠡᠰᠢᠶᠡᠯ ᠪᠤᠢ᠂ ᠭᠡᠬᠦ ᠳᠦ ᠪᠡᠨ ᠳᠠᠪᠠᠨ᠎ᠠ | News.MN

ᠬ∙ᠪᠠᠶᠠᠨᠮᠦ᠋ᠩᠬᠡ᠄ ᠪᠡᠷᠬᠡᠰᠢᠶᠡᠯ ᠪᠤᠢ᠂ ᠭᠡᠬᠦ ᠳᠦ ᠪᠡᠨ ᠳᠠᠪᠠᠨ᠎ᠠ

ᠦᠨᠳᠦᠰᠦᠨ ᠦ ᠪᠥᠬᠡ ᠶᠢᠨ ᠳᠠᠷᠬᠠᠨ ᠠᠪᠤᠷᠭᠤ᠂ ︽ᠵᠠᠭᠤᠨ ᠤ ᠮᠠᠩᠯᠠᠢ︾ ᠪᠥᠬᠡ ᠬ∙ᠪᠠᠶᠠᠨᠮᠦ᠋ᠩᠬᠡ ᠡᠴᠡ ᠳᠠᠷᠠᠭᠠᠬᠢ ᠲᠣᠳᠣᠷᠠᠭᠤᠯᠭ᠎ᠠ ᠶᠢ ᠬᠢᠯ᠎ᠡ᠃
᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎    – ᠪᠥᠬᠡᠴᠦᠳ ᠰᠡᠷᠭᠡᠭᠡᠰᠢ ᠳᠤ ᠬᠣᠯᠪᠣᠭᠳᠠᠬᠤ ᠨᠢ ᠶᠡᠬᠡᠰᠦᠯ᠎ᠡ᠃ ᠲᠠ ᠡᠨᠡ ᠲᠠᠯ᠎ᠠ ᠪᠠᠷ ᠶᠠᠭᠤ ᠬᠡᠯᠡᠬᠦ ᠪᠤᠢ︖
– ︽ᠮᠣᠩᠭᠣᠯ ᠤᠯᠤᠰ ᠤᠨ ᠪᠠᠶᠠᠷ ᠨᠠᠭᠠᠳᠤᠮ ᠤᠨ ᠲᠤᠬᠠᠢ︾ ᠬᠠᠤᠯᠢ ᠳᠤ᠄ ᠰᠢᠪᠦᠭᠡ ᠶᠢᠨ 16 ᠳᠦ ᠦᠯᠡᠳᠡᠭᠰᠡᠨ ᠪᠥᠬᠡᠴᠦᠳ ᠡᠴᠡ ᠰᠡᠷᠭᠡᠭᠡᠰᠢ ᠶᠢᠨ ᠰᠢᠨᠵᠢᠯᠡᠭᠡ ᠠᠪᠤᠨ᠎ᠠ ᠭᠡᠵᠦ ᠵᠢᠭᠠᠭᠰᠠᠨ ᠪᠠᠶᠢᠳᠠᠭ᠃ ᠭᠡᠲᠡᠯ᠎ᠡ ᠥᠨᠥᠳᠥᠷ ᠬᠡᠨ ᠳᠤᠷᠠᠲᠠᠢ ᠪᠥᠬᠡ ᠡᠴᠡ ᠰᠢᠨᠵᠢᠯᠡᠭᠡ ᠠᠪᠴᠤ ᠪᠠᠶᠢᠨ᠎ᠠ᠃ ᠰᠡᠷᠭᠡᠭᠡᠰᠢ ᠶᠢᠨ ᠰᠢᠨᠵᠢᠯᠡᠭᠡ ᠶᠢ ᠠᠪᠴᠤ ᠪᠣᠯᠬᠤ ᠴᠤ ᠬᠠᠤᠯᠢ ᠳᠤ ᠵᠢᠭᠠᠭᠰᠠᠨ ᠡᠷᠬᠡ ᠶᠢᠨ ᠳᠠᠭᠠᠤ ᠠᠪᠬᠤ ᠶᠣᠰᠣᠲᠠᠢ᠃
ᠪᠠᠶᠠᠷ ᠨᠠᠭᠠᠳᠤᠮ ᠤᠨ ᠲᠤᠬᠠᠢ ᠬᠠᠤᠯᠢ ᠳᠤ ᠨᠡᠮᠡᠯᠲᠡ ᠥᠭᠡᠷᠡᠴᠢᠯᠡᠯᠲᠡ ᠬᠢᠬᠦ ᠬᠡᠷᠡᠭᠲᠡᠢ᠃ ᠮᠥᠨ ᠪᠥᠬᠡᠴᠦᠳ ᠡᠴᠡ ᠰᠢᠨᠵᠢᠯᠡᠭᠡ ᠠᠪᠤᠭᠰᠠᠨ ᠲᠣᠬᠢᠶᠠᠯᠳᠤᠯ ᠳᠤ ᠬᠦᠨᠳᠡᠯᠡᠨ ᠦ ᠭᠡᠷᠡᠴᠢ ᠶᠢ ᠣᠷᠤᠯᠴᠠᠭᠤᠯᠬᠤ ᠶᠣᠰᠣᠲᠠᠢ᠃ ᠪᠢ ᠳᠡᠯᠡᠬᠡᠢ ᠳᠦ 16 ᠵᠢᠯ ᠰᠡᠷᠭᠡᠭᠡᠰᠢ ᠶᠢᠨ ᠰᠢᠨᠵᠢᠯᠡᠭᠡ ᠥᠭᠴᠦ ᠪᠠᠶᠢᠭᠰᠠᠨ᠃ ᠲᠡᠭᠡᠬᠦ ᠳᠦ ᠳᠠᠰᠬᠠᠯᠵᠢᠭᠤᠯᠤᠭᠴᠢ᠂ ᠪᠠᠭ ᠤᠨ ᠠᠬᠠᠯᠠᠭᠴᠢ ᠨᠠᠷ ᠢ ᠵᠠᠪᠠᠯ ᠬᠠᠵᠠᠭᠤᠳᠠ ᠨᠢ ᠪᠠᠶᠢᠯᠭᠠᠳᠠᠭ ᠪᠠᠶᠢᠭᠰᠠᠨ᠃
– ᠯ∙ᠴᠢᠩᠪᠠᠲᠤ ᠪᠣᠯᠤᠨ ᠪ∙ᠪᠠᠲᠤᠡᠷᠳᠡᠨᠢ ᠨᠠᠷ ᠤᠨ ᠬᠣᠯᠪᠣᠭ᠎ᠠ ᠭᠡᠳ ᠳᠣᠲᠣᠷ᠎ᠠ ᠪᠠᠨ ᠬᠣᠶᠠᠷ ᠬᠤᠪᠢᠶᠠᠭᠳᠠᠴᠢᠬᠠᠯ᠎ᠠ᠃ ᠭᠡᠲᠡᠯ᠎ᠡ ᠪᠥᠬᠡ ᠶᠢᠨ ᠲᠥᠯᠥᠭᠡ ᠬᠢᠬᠦ ᠮᠥᠷ ᠦᠨ ᠬᠥᠲᠥᠯᠪᠦᠷᠢ ᠪᠡᠨ ᠲᠠᠨᠢᠯᠴᠠᠭᠤᠯᠤᠭ᠎ᠠ ᠦᠭᠡᠢ ᠬᠢᠷᠢᠨ᠎ᠡ ᠪᠢᠳᠡ ᠬᠠᠤᠯᠢ ᠶᠣᠰᠣᠨ ᠤ ᠬᠢ ᠭᠡᠳ ᠶᠠᠪᠤᠭᠠᠳ ᠪᠠᠶᠢᠭ᠎ᠠ ᠶᠢ ᠶᠠᠭᠤ ᠭᠡᠬᠦ ᠪᠤᠢ ︖
– ᠲᠡᠶᠢᠮᠦ ᠪᠠᠶᠢᠵᠤ ᠮᠠᠭᠠᠳ ᠦᠭᠡᠢ᠃ ᠡᠨᠡ ᠶᠡᠬᠡ ᠵᠥᠪ ᠠᠰᠠᠭᠤᠯᠲᠠ ᠪᠠᠶᠢᠨ᠎ᠠ᠃ ᠮᠥᠷ ᠦᠨ ᠬᠥᠲᠥᠯᠪᠦᠷᠢ  ᠪᠡᠨ ᠲᠠᠨᠢᠯᠴᠠᠭᠤᠯᠤᠨ᠎ᠠ᠃
– ᠪᠥᠬᠡ ᠶᠢᠨ ᠨᠡᠷ᠎ᠡ ᠬᠦᠨᠳᠦ ᠤᠨᠠᠵᠤ ᠪᠠᠶᠢᠨ᠎ᠠ ᠰᠢᠦ ᠳ᠋ᠡ᠃ ᠲᠠ ᠪᠦᠬᠦᠨ ᠶᠠᠭᠤ ᠬᠢᠬᠦ ᠪᠤᠢ ︖
– ᠪᠥᠬᠡ ᠶᠢᠨ ᠬᠥᠭᠵᠢᠯ ᠦᠨ ᠲᠥᠯᠥᠭᠡ ᠰᠢᠨᠡᠴᠢᠯᠡᠯ ᠬᠢᠬᠦ ᠱᠠᠭᠠᠷᠳᠠᠯᠭ᠎ᠠ ᠪᠠᠶᠢᠭ᠎ᠠ᠃ 10 ᠭᠠᠷᠤᠢ ᠰᠢᠨᠡᠴᠢᠯᠡᠯ ᠬᠢᠬᠦ ᠱᠠᠭᠠᠷᠳᠠᠯᠭ᠎ᠠ ᠲᠠᠢ᠃ ᠭᠡᠬᠦ ᠳᠦ ᠪᠡᠨ ᠦᠨᠳᠦᠰᠦᠨ ᠦ ᠪᠡᠨ ᠤᠯᠠᠮᠵᠢᠯᠠᠯᠲᠤ ᠳᠠᠷᠬᠠᠯᠠᠭ᠎ᠠ ᠶᠢ ᠬᠠᠳᠠᠭᠠᠯᠠᠭᠠᠳ ᠣᠷᠴᠢᠨ ᠦᠶ᠎ᠡ ᠶᠢᠨ ᠰᠫᠣᠷᠲ ᠢ ᠬᠥᠭᠵᠢᠭᠦᠯᠵᠦ ᠪᠠᠶᠢᠭ᠎ᠠ ᠳᠡᠯᠡᠬᠡᠢ ᠨᠡᠶᠢᠲᠡ ᠶᠢᠨ ᠵᠢᠱᠢᠭ ᠢ ᠣᠷᠣᠭᠤᠯᠤᠭᠠᠳ ᠰᠢᠨᠡᠴᠢᠯᠡᠯ ᠬᠢᠬᠦ ᠪᠣᠯᠤᠮᠵᠢ ᠲᠠᠢ᠃ ᠥᠩᠭᠡᠷᠡᠭᠰᠡᠨ 16 ᠵᠢᠯ ᠪᠢᠳᠡ ᠮᠡᠷᠭᠡᠵᠢᠯ ᠦᠨ ᠬᠤᠪᠢ ᠳᠤ ᠶᠡᠬᠡ ᠬᠣᠴᠣᠷᠤᠭᠰᠠᠨ᠃
– ᠲᠠ ᠪᠦᠬᠦᠨ ᠶᠠᠮᠠᠷ ᠰᠢᠨᠡᠴᠢᠯᠡᠯ ᠬᠢᠬᠦ ᠪᠤᠢ ︖
– ᠰᠡᠷᠭᠡᠭᠡᠰᠢ ᠶᠢᠨ ᠰᠢᠨᠵᠢᠯᠡᠭᠡᠨ ᠦ ᠲᠠᠯ᠎ᠠ ᠪᠠᠷ᠂ ᠨᠠᠴᠢᠨ ᠤ ᠨᠠᠶᠢᠷᠠᠭ᠎ᠠ ᠭᠡᠳ ᠪᠦᠭᠦᠳᠡ ᠶᠢ ᠤᠰᠠᠳᠬᠠᠬᠤ ᠬᠡᠷᠡᠭᠲᠡᠢ᠃ ᠬᠤᠷᠠᠯ ᠢᠶᠠᠷ ᠪᠠᠲᠤᠯᠠᠭᠤᠯᠤᠭᠠᠳ ᠤᠰᠠᠳᠬᠠᠶ᠎ᠠ᠃ ᠲᠠ ᠪᠦᠬᠦᠨ ᠨᠢᠭᠡ ᠵᠦᠢᠯ ᠢ ᠠᠩᠬᠠᠷᠤᠭᠠᠷᠠᠢ᠃ ᠪᠥᠬᠡ ᠶᠢᠨ ᠥᠷᠭᠥᠭᠡ ᠶᠢ ᠪᠤᠯᠢᠶᠠᠴᠠᠯᠳᠤᠵᠤ ᠪᠠᠶᠢᠨ᠎ᠠ ᠭᠡᠵᠦ ᠨᠡᠶᠢᠭᠡᠮ ᠳᠦ ᠵᠣᠷᠢᠭᠤᠳᠠ ᠪᠠᠷ ᠲᠠᠰᠢᠶ᠎ᠠ ᠮᠡᠳᠡᠭᠡᠯᠡᠯ   ᠲᠠᠷᠬᠠᠭᠠᠭᠠᠳ ᠪᠠᠶᠢᠨ᠎ᠠ᠃ ᠥᠪᠡᠷᠰᠡᠳ ᠦᠨ ᠢᠶᠡᠨ ᠬᠤᠤᠳᠤᠤ ᠲᠠᠢ ᠵᠦᠢᠯ ᠢ ᠨᠢᠭᠤᠬᠤ ᠶᠢᠨ ᠲᠤᠯᠠᠳᠠ ᠪᠥᠬᠡ ᠶᠢᠨ ᠥᠷᠭᠥᠭᠡ ᠭᠡᠵᠦ ᠬᠡᠯᠡᠭᠡᠳ ᠪᠠᠶᠢᠨ᠎ᠠ᠃ ᠦᠨᠡᠨ ᠴᠢᠨᠠᠷ ᠲᠤ ᠪᠠᠨ ᠪᠥᠬᠡ ᠶᠢᠨ ᠥᠷᠭᠥᠭᠡ ᠶᠢ ᠪᠤᠯᠢᠶᠠᠴᠠᠯᠳᠤᠭᠰᠠᠨ ᠨᠢᠭᠡ ᠴᠤ ᠬᠦᠮᠦᠨ ᠪᠠᠶᠢᠬᠤ ᠦᠭᠡᠢ᠃ ᠬᠠᠷᠢᠨ ᠲᠥᠷᠥ ᠳᠦ ᠥᠭᠬᠦ ᠪᠡᠷ ᠰᠢᠢᠳᠪᠡᠯ ᠣᠯᠠᠨ ᠡᠵᠡᠨ ᠭᠠᠷᠴᠤ ᠢᠷᠡᠨ᠎ᠡ᠃ ᠲᠡᠷᠡ ᠦᠶ᠎ᠡ ᠳᠦ ᠯᠠ ᠵᠢᠩᠬᠢᠨᠢ ᠪᠤᠯᠢᠶᠠᠴᠠᠯᠳᠤᠨ᠎ᠠ᠃
– ᠯ∙ᠴᠢᠩᠪᠠᠲᠤ ᠡᠨᠡ ᠲᠠᠯ᠎ᠠ ᠪᠠᠷ ᠶᠠᠭᠤ ᠭᠡᠵᠦ ᠪᠠᠶᠢᠨ᠎ᠠ ᠪᠤᠢ ︖
– ᠡᠨᠡ ᠮᠠᠷᠭᠤᠭᠠᠨ ᠤ ᠲᠠᠯ᠎ᠠ ᠪᠠᠷ ᠯ∙ᠴᠢᠩᠪᠠᠲᠤ ᠰᠢᠭᠦᠬᠦ ᠶᠢᠨ ᠲᠠᠯ᠎ᠠ ᠪᠠᠨ ᠪᠠᠷᠢᠵᠤ ᠪᠠᠶᠢᠭ᠎ᠠ ᠃ ︽ᠰᠢᠭᠦᠬᠦ ᠶᠢᠨ ᠰᠢᠢᠳᠪᠦᠷᠢ ᠪᠡᠨ ᠬᠠᠷᠠᠨ᠎ᠠ᠃ ᠨᠠᠳᠠ ᠳᠤ ᠲᠡᠷᠢᠭᠦᠨ ᠬᠢᠬᠦ ᠭᠡᠳ ᠪᠠᠶᠢᠬᠤ ᠬᠦᠰᠡᠯ ᠪᠠᠶᠢᠬᠤ ᠦᠭᠡᠢ᠃ ᠪᠢ ᠰᠢᠭᠦᠬᠦ ᠶᠢᠨ ᠰᠢᠢᠳᠪᠦᠷᠢ ᠪᠡᠷ ᠵᠥᠪ ᠶᠠᠭᠤᠮ᠎ᠠ ᠬᠢᠵᠦ ᠶᠠᠪᠤᠵᠠᠢ ᠭᠡᠳᠡᠭ ᠢᠶᠡᠨ ᠯᠠ ᠬᠠᠷᠠᠭᠤᠯᠬᠤ ᠶᠤᠮ ︾ ᠭᠡᠵᠦ ᠬᠡᠯᠡᠵᠦ ᠪᠠᠶᠢᠭ᠎ᠠ᠃
– ᠰᠢᠭᠦᠬᠦ ᠶᠢᠨ ᠰᠢᠢᠳᠪᠦᠷᠢ ᠭᠠᠷᠬᠤ ᠳᠤ ᠠᠯᠢ ᠨᠢᠭᠡ ᠬᠣᠯᠪᠣᠭ᠎ᠠ ᠨᠢ ᠦᠢᠯᠡ ᠠᠵᠢᠯᠯᠠᠭ᠎ᠠ ᠶᠠᠪᠤᠭᠤᠯᠬᠤ ᠪᠣᠯᠤᠮᠵᠢ ᠦᠭᠡᠢ ᠳᠠᠬᠢᠨ ︽ᠶᠡᠬᠡ ᠡᠶ᠎ᠡ︾ ᠬᠤᠷᠠᠯ ᠢ ᠬᠢᠨ᠎ᠡ ᠭᠡᠵᠦ ᠲᠠ ᠬᠡᠯᠡᠵᠦ ᠪᠠᠶᠢᠭᠰᠠᠨ ᠰᠢᠦ ᠳ᠋ᠡ︖
– ᠬᠤᠪᠢᠶᠠᠭᠳᠠᠮᠠᠯ ᠪᠠᠶᠢᠳᠠᠯ ᠳᠠᠬᠢᠨ ᠡᠭᠦᠰᠬᠦ ᠤᠴᠢᠷ ᠦᠢᠯᠡ ᠠᠵᠢᠯᠯᠠᠭ᠎ᠠ ᠶᠢ ᠠᠪᠴᠤ ᠶᠠᠪᠤᠬᠤ ᠪᠣᠯᠤᠮᠵᠢ ᠪᠠᠶᠢᠬᠤ ᠦᠭᠡᠢ᠃ ᠲᠡᠶᠢᠮᠦ ᠡᠴᠡ ᠪᠢᠳᠡ ᠰᠢᠭᠦᠬᠦ ᠪᠡᠷ ᠡᠷᠬᠡ ᠪᠡᠨ ᠠᠪᠤᠭᠰᠠᠨ ᠬᠣᠯᠪᠣᠭ᠎ᠠ ᠲᠠᠢ ᠯᠠ ᠠᠵᠢᠯᠯᠠᠨ᠎ᠠ᠃
– ᠰᠢᠨ᠎ᠡ ᠣᠨ ᠠᠴᠠ ᠡᠬᠢᠯᠡᠨ ᠪᠥᠬᠡ ᠶᠢᠨ ᠪᠠᠷᠢᠯᠳᠤᠭᠠᠨ ᠪᠥᠬᠡ ᠶᠢᠨ ᠥᠷᠭᠦᠭᠡᠨ ᠳᠦ ᠪᠡᠨ ᠪᠣᠯᠬᠤ ᠬᠡᠪ ᠢᠶᠡᠷ ᠢᠶᠡᠨ ᠤᠤ ︖
– ᠪᠣᠯᠤᠨ᠎ᠠ ᠭᠡᠵᠦ ᠣᠶᠢᠯᠠᠭᠠᠵᠤ ᠪᠣᠯᠤᠨ᠎ᠠ᠃ ᠪᠥᠬᠡ ᠶᠢᠨ ᠥᠷᠭᠥᠭᠡ ᠶᠢ ᠨᠡᠭᠡᠭᠡᠬᠦ ᠳᠦ ᠴᠡᠪᠡᠷᠯᠡᠭᠡ ᠬᠢᠬᠦ ᠡᠴᠡ ᠡᠬᠢᠯᠡᠭᠡᠳ ᠬᠢᠬᠦ ᠠᠵᠢᠯ ᠶᠡᠬᠡ ᠪᠠᠶᠢᠨ᠎ᠠ᠃ ᠪᠡᠷᠬᠡᠰᠢᠶᠡᠯ ᠪᠤᠢ᠂ ᠭᠡᠬᠦ ᠳᠦ ᠪᠡᠨ ᠳᠠᠪᠠᠨ᠎ᠠ᠃

ᠰᠡᠳᠬᠢᠭᠳᠡᠯ ᠦᠯᠡᠳᠡᠭᠡᠬᠦ