ᠮᠣᠩᠭᠣᠯ ᠤᠯᠤᠰ ᠤᠨ ᠵᠠᠰᠠᠭ ᠤᠨ ᠭᠠᠵᠠᠷ ︽ᠡᠷᠳᠡᠨᠢᠰ ᠲᠠᠪᠤᠨᠲᠣᠯᠣᠭᠠᠢ︾ ᠺᠣᠮᠫᠠᠨᠢ ᠶᠢᠨ ᠬᠤᠪᠢᠴᠠᠭᠠᠨ ᠤ 20 ᠬᠤᠪᠢ ᠪᠣᠯᠬᠤ ᠭᠤᠷᠪᠠᠨ ᠲᠡᠷᠪᠤᠮ ᠰᠢᠷᠬᠡᠭ ᠬᠤᠪᠢᠴᠠᠭ᠎ᠠ ᠶᠢ 2012 ᠣᠨ ᠤ ᠳᠥᠷᠪᠡᠳᠦᠭᠡᠷ ᠰᠠᠷ᠎ᠠ ᠶᠢᠨ 11 ᠡᠴᠡ ᠡᠮᠦᠨ᠎ᠡ ᠲᠦᠷᠦᠭᠰᠡᠨ ᠢᠷᠭᠡᠨ ᠪᠦᠷᠢ ᠳᠦ ᠡᠵᠡᠮᠰᠢᠭᠦᠯᠬᠦ ᠪᠡᠷ ᠪᠣᠯᠤᠭᠰᠠᠨ᠃ ᠢᠩᠭᠢᠭᠰᠡᠨ ᠢᠶᠡᠷ ᠨᠢᠭᠡ ᠢᠷᠭᠡᠨ ᠳᠦ 1072 ᠰᠢᠷᠬᠡᠭ ᠬᠤᠪᠢᠴᠠᠭ᠎ᠠ ᠨᠣᠭᠳᠠᠭᠰᠠᠨ ᠶᠤᠮ᠃ ᠵᠠᠷᠢᠮ ᠢᠷᠭᠡᠨ ᠰᠤᠷᠭᠠᠯᠲᠠ ᠶᠢᠨ ᠲᠥᠯᠥᠪᠦᠷᠢ᠂ ᠡᠬᠡ ᠣᠷᠣᠨ ᠤ ᠬᠤᠪᠢ ᠬᠡᠰᠢᠭ ᠬᠡᠯᠪᠡᠷᠢ ᠪᠡᠷ ᠬᠤᠪᠢᠴᠠᠭ᠎ᠠ ᠪᠠᠨ ᠠᠪᠤᠭᠰᠠᠨ ᠪᠣᠯ ᠬᠤᠪᠢᠴᠠᠭ᠎ᠠ ᠪᠠᠨ ᠠᠪᠤᠭ᠎ᠠ ᠦᠭᠡᠢ ᠢᠷᠭᠡᠳ ᠪᠷᠣᠺᠧᠷ ᠳ᠋ᠢᠯᠯᠧᠷ ᠦᠨ ᠺᠣᠮᠫᠠᠨᠢ ᠳᠤ ᠬᠠᠨᠳᠤᠵᠤ᠂ ᠲᠥᠪᠯᠡᠷᠡᠭᠰᠡᠨ ᠬᠠᠳᠠᠭᠠᠯᠠᠮᠵᠢ ᠶᠢᠨ ᠳᠠᠩᠰᠠ ᠨᠡᠭᠡᠭᠡᠯᠭᠡᠭᠡᠳ ᠬᠤᠪᠢᠴᠠᠭ᠎ᠠ ᠪᠠᠨ ᠪᠠᠲᠤᠯᠠᠭᠠᠵᠢᠭᠤᠯᠬᠤ ᠥᠪᠡᠷ ᠦᠨ ᠡᠵᠡᠮᠰᠢᠯ ᠦᠨ ᠪᠣᠯᠭᠠᠬᠤ ᠶᠣᠰᠣᠲᠠᠢ᠃ ᠥᠭᠡᠷ᠎ᠡ ᠪᠡᠷ ᠬᠡᠯᠡᠪᠡᠯ᠂ ᠲᠠᠨ ᠤ ᠨᠡᠭᠡᠭᠡᠯᠭᠡᠭᠰᠡᠨ ᠦᠨᠡᠲᠦ ᠴᠠᠭᠠᠰᠤᠨ ᠤ ᠳᠠᠩᠰᠠᠨ ᠳᠤ ︽ᠡᠷᠳᠡᠨᠢᠰ ᠲᠠᠪᠤᠨᠲᠣᠯᠣᠭᠠᠢ︾ ᠶᠢᠨ ᠬᠤᠪᠢᠴᠠᠭ᠎ᠠ ᠪᠠᠶᠢᠷᠢᠰᠢᠵᠤ᠂ ᠤᠯᠠᠮ ᠢᠶᠠᠷ ᠵᠠᠰᠠᠭ ᠤᠨ ᠭᠠᠵᠠᠷ ᠠᠴᠠ ᠰᠢᠢᠳᠪᠦᠷᠢ ᠭᠠᠷᠴᠤ ᠠᠷᠠᠯᠵᠢᠶ᠎ᠠ ᠡᠬᠢᠯᠡᠬᠦ ᠦᠶ᠎ᠡ ᠳᠦ ᠲᠠ ᠬᠤᠪᠢᠴᠠᠭ᠎ᠠ ᠪᠠᠨ ᠵᠠᠬᠢᠷᠤᠨ ᠵᠠᠷᠤᠴᠠᠭᠤᠯᠬᠤ ᠡᠷᠬᠡ ᠲᠡᠢ ᠪᠣᠯᠬᠤ ᠶᠤᠮ᠃ ᠬᠤᠪᠢᠴᠠᠭᠠᠨ ᠤ ᠳᠠᠩᠰᠠ ᠨᠡᠭᠡᠭᠡᠯᠭᠡ ᠦᠭᠡᠢ ᠢᠷᠭᠡᠳ ᠵᠠᠰᠠᠭ ᠤᠨ ᠭᠠᠵᠠᠷ ᠤᠨ ᠰᠢᠢᠳᠪᠦᠷᠢ ᠭᠠᠷᠤᠭᠰᠠᠨ ᠴᠤ ᠲᠤᠬᠠᠢ ᠶᠢᠨ ᠬᠤᠪᠢᠴᠠᠭ᠎ᠠ ᠶᠢ ᠵᠠᠬᠢᠷᠤᠨ ᠵᠠᠷᠤᠴᠠᠭᠤᠯᠬᠤ ᠡᠷᠬᠡ ᠦᠭᠡᠢ ᠪᠣᠯᠬᠤ ᠶᠤᠮ᠃
ᠣᠳᠣ ᠪᠠᠷ ᠮᠣᠩᠭᠣᠯ ᠤᠯᠤᠰ ᠤᠨ ᠢᠷᠭᠡᠳ ᠦᠨ ᠭᠤᠷᠪᠠᠨ ᠤ ᠨᠢᠭᠡ ᠨᠢ ᠪᠤᠶᠤ ᠨᠢᠭᠡ ᠰᠠᠶ᠎ᠠ ᠭᠠᠷᠤᠢ ᠨᠢ ᠦᠨᠡᠲᠦ ᠴᠠᠭᠠᠰᠤᠨ ᠤ ᠳᠠᠩᠰᠠ ᠨᠡᠭᠡᠭᠡᠯᠭᠡᠵᠡᠢ᠃ ᠳᠠᠩᠰᠠ ᠨᠡᠭᠡᠭᠡᠯᠭᠡᠬᠦ ᠡᠴᠦᠰ ᠦᠨ ᠬᠤᠭᠤᠴᠠᠭ᠎ᠠ ᠶᠢ ᠵᠢᠭᠠᠭ᠎ᠠ ᠦᠭᠡᠢ ᠪᠠᠶᠢᠭ᠎ᠠ ᠴᠤ᠂ ᠭᠠᠳᠠᠭᠤᠷ ᠵᠠᠷᠢᠮ ᠪᠷᠣᠺᠧᠷ ᠳ᠋ᠢᠯᠯᠧᠷ ᠤᠨ ᠺᠣᠮᠫᠠᠨᠢ᠂ ᠬᠤᠪᠢ ᠬᠦᠮᠦᠰ ᠬᠤᠪᠢᠴᠠᠭᠠᠨ ᠤ ᠳᠠᠩᠰᠠ ᠨᠡᠭᠡᠭᠡᠯᠭᠡᠬᠦ ᠬᠤᠭᠤᠴᠠᠭ᠎ᠠ ᠳᠠᠭᠤᠰᠬᠤ ᠳᠤ ᠴᠥᠭᠡᠨ ᠬᠣᠨᠣᠭ ᠦᠯᠡᠳᠡᠯ᠎ᠡ ᠭᠡᠬᠦ ᠬᠤᠳᠠᠯ ᠴᠤᠤᠷᠬᠠᠯ ᠲᠠᠷᠠᠭᠠᠵᠤ ᠪᠠᠶᠢᠭ᠎ᠠ ᠶᠢ ᠰᠠᠩᠬᠦᠦ ᠶᠢᠨ ᠵᠣᠬᠢᠴᠠᠭᠤᠯᠬᠤ ᠬᠣᠷᠢᠶᠠᠨ ᠠᠴᠠ ᠮᠡᠳᠡᠭᠳᠡᠭᠰᠡᠨ ᠪᠠᠶᠢᠨ᠎ᠠ᠃ ᠬᠡᠷᠪᠡ ᠢᠷᠭᠡᠳ ᠦᠨᠡᠲᠦ ᠴᠠᠭᠠᠰᠤᠨ ᠤ ᠳᠠᠩᠰᠠ ᠨᠡᠭᠡᠭᠡᠯᠭᠡᠬᠦ ᠶᠢ ᠬᠦᠰᠡᠪᠡᠯ 5000 ᠲᠥᠭᠥᠷᠢᠭ᠂ ᠢᠷᠭᠡᠨ ᠦ ᠦᠨᠡᠮᠯᠡᠬᠦ᠂ ᠠᠯᠢ ᠨᠢᠭᠡ ᠪᠠᠩᠬᠢ ᠳ᠋ᠡᠬᠢ ᠥᠪᠡᠷ ᠦᠨ ᠳᠠᠩᠰᠠᠨ ᠤ ᠳ᠋ᠤᠭᠠᠷ ᠲᠠᠢ ᠪᠠᠷ ᠥᠪᠡᠷ ᠲᠦ ᠣᠶᠢᠷ᠎ᠠ ᠪᠠᠶᠢᠭ᠎ᠠ ᠪᠷᠣᠺᠧᠷ ᠳ᠋ᠢᠯᠯᠧᠷ ᠤᠨ ᠺᠣᠮᠫᠠᠨᠢ ᠳᠤ ᠬᠠᠨᠳᠤᠬᠤ ᠪᠣᠯᠤᠮᠵᠢ ᠲᠠᠢ᠃