ᠵᠢᠦ᠋ᠳᠣ᠋ ᠪᠥᠬᠡ ᠶᠢᠨ ᠨᠠᠰᠤᠨ ᠳᠤ ᠬᠦᠷᠦᠭᠰᠡᠳ ᠦᠨ 2019 ᠣᠨ ᠤ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠢ ᠰᠡᠯᠡᠩᠭᠡ ᠠᠶᠢᠮᠠᠭ ᠤᠨ ᠰᠦᠬᠡᠪᠠᠭᠠᠲᠤᠷ ᠬᠤᠲᠠ ᠳᠤ ᠨᠢᠭᠡᠳᠦᠭᠡᠷ ᠰᠠᠷ᠎ᠠ ᠶᠢᠨ 7-9 ᠍ ᠳᠦ ᠵᠣᠬᠢᠶᠠᠨ ᠪᠠᠶᠢᠭᠤᠯᠤᠨ᠎ᠠ᠃ ᠲᠡᠮᠡᠴᠡᠭᠡᠨ ᠡᠷᠡᠭᠲᠡᠢ 60᠂ 66᠂ 73᠂ 81᠂ 90᠂ -100᠂ +100᠂ ᠡᠮᠡᠭᠲᠡᠢ 48᠂ 52᠂ 57᠂ 63᠂ 70᠂ -78᠂ +78 ᠺᠢᠯᠦᠭᠷᠡᠮ ᠦᠨ ᠵᠢᠩ ᠦᠨ ᠠᠩᠭᠢᠯᠠᠯ ᠢᠶᠠᠷ ᠶᠠᠪᠤᠭᠳᠠᠵᠤ᠂ ᠠᠪᠤᠷᠭᠤ ᠨᠤᠭᠤᠳ ᠢᠶᠠᠨ ᠲᠣᠳᠣᠷᠠᠭᠤᠯᠬᠤ ᠶᠤᠮ ᠪᠠᠶᠢᠨ᠎ᠠ᠃ ᠮᠣᠩᠭᠣᠯ ᠤᠨ ᠵᠢᠦ᠋ᠳᠣ᠋ ᠪᠥᠬᠡ ᠶᠢᠨ ᠬᠣᠯᠪᠣᠭᠠᠨ ᠠᠴᠠ ᠵᠣᠬᠢᠶᠠᠨ ᠪᠠᠶᠢᠭᠤᠯᠬᠤ ᠡᠨᠡ ᠤᠳᠠᠭ᠎ᠠ ᠶᠢᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠨᠢ ︽ᠲᠤᠤᠺᠢᠤ᠋ 2020︾ ᠵᠤᠨ ᠤ ᠣᠯᠢᠮᠫ ᠤᠨ ᠨᠠᠭᠠᠳᠤᠮ ᠤᠨ ᠡᠷᠬᠡ ᠶᠢᠨ ᠣᠨᠣᠭ᠎ᠠ ᠠᠪᠬᠤ ᠣᠯᠠᠨ ᠲᠡᠮᠡᠴᠡᠭᠡᠨ ᠦ ᠡᠮᠦᠨ᠎ᠡ ᠪᠣᠯᠵᠤ ᠪᠠᠶᠢᠭ᠎ᠠ ᠭᠡᠳᠡᠭ ᠢᠶᠡᠷ ᠢᠶᠡᠨ ᠴᠢᠬᠤᠯᠠ ᠠᠴᠢ ᠬᠣᠯᠪᠣᠭᠳᠠᠯ ᠲᠠᠢ᠃