︽ᠭᠠᠶᠢᠯᠢ ᠶᠢᠨ ᠠᠯᠪᠠᠨ ᠲᠠᠲᠠᠪᠤᠷᠢ ᠠᠴᠠ ᠴᠢᠯᠦᠭᠡᠯᠡᠬᠦ ᠲᠤᠬᠠᠢ︾ ᠬᠠᠤᠯᠢ ᠶᠢ 2018 ᠣᠨ ᠤ ᠲᠠᠪᠤᠳᠤᠭᠠᠷ ᠰᠠᠷ᠎ᠠ ᠶᠢᠨ 10 ᠤ ᠡᠳᠦᠷ ᠪᠠᠲᠤᠯᠠᠭᠰᠠᠨ ᠪᠥᠭᠡᠳ 2019 ᠣᠨ ᠤ ᠨᠢᠭᠡᠳᠦᠭᠡᠷ ᠰᠠᠷ᠎ᠠ ᠶᠢᠨ 1 ᠡᠴᠡ ᠮᠥᠷᠳᠡᠵᠦ ᠡᠬᠢᠯᠡᠵᠦ ᠪᠠᠶᠢᠨ᠎ᠠ᠃ ᠬᠠᠤᠯᠢ ᠳᠤ ᠢᠮᠫᠣᠷᠲ ᠢᠶᠠᠷ ᠣᠷᠣᠭᠤᠯᠵᠤ ᠪᠠᠶᠢᠭ᠎ᠠ ᠭᠤᠸᠠᠯᠢᠩ ᠠᠴᠠ ᠪᠤᠰᠤᠳ ᠪᠦᠬᠦ ᠲᠥᠷᠥᠯ ᠦᠨ ᠲᠦᠯᠡᠰᠢᠨ ᠦ ᠵᠣᠷᠢᠭᠤᠯᠤᠯᠲᠠ ᠶᠢᠨ ᠮᠣᠳᠣ᠂ ᠲᠤᠤᠱ ᠴᠢᠭᠯᠡᠯ ᠦᠨ ᠨᠢᠮᠭᠡᠨ ᠳᠠᠪᠬᠤᠷᠭ᠎ᠠ ᠲᠠᠢ ᠬᠠᠪᠲᠠᠩ ︵OSB︶᠂ ᠰᠲ᠋ᠠᠨᠳᠠᠷᠲ ᠤᠨ ᠳᠠᠭᠠᠤ ᠬᠢᠭᠳᠡᠭᠰᠡᠨ᠂ ᠤᠭᠰᠠᠷᠠᠬᠤ ᠳᠤ ᠪᠡᠯᠡᠨ ᠮᠣᠳᠣᠨ ᠪᠠᠷᠢᠯᠭ᠎ᠠ ᠶᠢᠨ ᠤᠭᠰᠠᠷᠠᠮᠠᠯ ᠬᠢᠴᠡ ᠶᠢ ᠭᠠᠶᠢᠯᠢ ᠶᠢᠨ ᠠᠯᠪᠠᠨ ᠲᠠᠲᠠᠪᠤᠷᠢ ᠠᠴᠠ ᠴᠢᠯᠦᠭᠡᠯᠡᠨ᠎ᠡ ᠭᠡᠵᠦ ᠵᠢᠭᠠᠭᠰᠠᠨ᠃ ᠤᠭ ᠬᠠᠤᠯᠢ ᠶᠢ 2022 ᠣᠨ ᠤ 12 ᠳ᠋ᠤᠭᠠᠷ ᠰᠠᠷ᠎ᠠ ᠶᠢᠨ 31 ᠍ ᠦ ᠡᠳᠦᠷ ᠬᠦᠷᠲᠡᠯᠡᠬᠢ ᠬᠤᠭᠤᠴᠠᠭᠠᠨ ᠳᠤ ᠮᠦᠷᠳᠡᠬᠦ ᠪᠥᠭᠡᠳ ᠭᠠᠶᠢᠯᠢ ᠶᠢᠨ ᠠᠯᠪᠠᠨ ᠲᠠᠲᠠᠪᠤᠷᠢ ᠠᠴᠠ ᠴᠢᠯᠦᠭᠡᠯᠡᠬᠦ ᠪᠠᠷᠠᠭᠠᠨ ᠤ ᠵᠢᠭᠰᠠᠭᠠᠯᠲᠠ ᠶᠢ ︽ᠪᠠᠷᠠᠭ᠎ᠠ ᠶᠢ ᠲᠣᠳᠣᠷᠬᠠᠶᠢᠯᠠᠬᠤ᠂ ᠺᠣᠳᠣᠯᠠᠬᠤ ᠤᠶᠠᠯᠳᠤᠭᠤᠯᠤᠭᠰᠠᠨ ᠰᠢᠰᠲ᠋ᠧᠮ︾ ᠍ ᠦᠨ ᠠᠩᠭᠢᠯᠠᠯ ᠤᠨ ᠳᠠᠭᠠᠤ ᠵᠠᠰᠠᠭ ᠤᠨ ᠭᠠᠵᠠᠷ ᠪᠠᠲᠤᠯᠠᠨ᠎ᠠ᠃ ᠳᠡᠭᠡᠷ᠎ᠡ ᠳᠤᠷᠠᠳᠤᠭᠰᠠᠨ ᠮᠠᠲ᠋ᠧᠷᠢᠶᠠᠯ ᠢ ᠭᠠᠶᠢᠯᠢ᠂ ᠨᠡᠮᠡᠭᠳᠡᠭᠰᠡᠨ ᠥᠷᠲᠡᠭ ᠦᠨ ᠠᠯᠪᠠᠨ ᠲᠠᠲᠠᠪᠤᠷᠢ ᠠᠴᠠ ᠴᠢᠯᠦᠭᠡᠯᠡᠭᠰᠡᠨ ᠢᠶᠡᠷ ᠢᠮᠫᠣᠷᠲ ᠤᠨ ᠬᠡᠮᠵᠢᠶ᠎ᠡ ᠨᠡᠮᠡᠭᠳᠡᠵᠦ᠂ ᠮᠣᠳᠣᠨ ᠤ ᠦᠢᠯᠡᠳᠪᠦᠷᠢᠯᠡᠯ ᠦᠨ ᠵᠢᠭᠳᠡ ᠠᠵᠢᠯᠯᠠᠭ᠎ᠠ ᠬᠠᠩᠭᠠᠭᠳᠠᠬᠤ ᠶᠢᠨ ᠵᠡᠷᠭᠡᠴᠡᠭᠡ ᠠᠵᠢᠯ ᠤᠨ ᠪᠠᠶᠢᠷᠢ ᠰᠢᠨ᠎ᠡ ᠪᠡᠷ ᠪᠤᠢ ᠪᠣᠯᠵᠤ᠂ ᠡᠳ᠋ ᠦᠨ ᠵᠠᠰᠠᠭ ᠤᠨ ᠡᠶᠡᠷᠭᠦ ᠦᠷ᠎ᠡ ᠳᠠᠭᠠᠪᠤᠷᠢ ᠪᠤᠢ ᠪᠣᠯᠤᠨ᠎ᠠ ᠬᠡᠮᠡᠨ ᠲᠣᠭᠠᠴᠠᠭᠠᠳ ᠪᠤᠢ ᠃