ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 107 ᠵᠢᠯ ᠦᠨ ᠣᠢ ᠶᠢ ᠲᠣᠬᠢᠶᠠᠯᠳᠤᠭᠤᠯᠤᠨ ᠥᠪᠦᠷᠬᠠᠩᠭᠠᠢ ᠠᠶᠢᠮᠠᠭ ᠤᠨ ᠬᠠᠷᠠᠬᠣᠷᠢᠨ ᠰᠤᠮᠤ ᠶᠢᠨ ︽ᠱᠠᠩᠬᠤ ᠶᠢᠨ ᠬᠡᠶᠢᠳ︾ ᠲᠤ ᠲᠥᠷᠥ ᠶᠢᠨ ᠠᠩᠬᠠᠨ ᠤ ᠲᠤᠭ ᠢ ᠲᠠᠬᠢᠬᠤ ᠶᠣᠰᠣᠯᠠᠯ ᠪᠣᠯᠤᠯ᠎ᠠ᠃
ᠲᠤᠰ ᠬᠡᠶᠢᠳ ᠲᠦ ᠪᠣᠭᠳᠠ ᠬᠠᠭᠠᠨᠲᠤ ᠮᠣᠩᠭᠣᠯ ᠤᠯᠤᠰ ᠤᠨ ᠲᠥᠷᠥ ᠶᠢᠨ ᠰᠢᠨ᠎ᠡ ᠲᠤᠭ ᠤᠨ ᠡᠬᠡ ᠬᠤᠪᠢ ᠪᠠᠶᠢᠳᠠᠭ ᠪᠠ ᠣᠷᠣᠨ ᠨᠤᠲᠤᠭ ᠤᠨ ᠤᠳᠤᠷᠢᠳᠤᠯᠭ᠎ᠠ᠂ ᠬᠡᠶᠢᠳ ᠦᠨ ᠰᠠᠨᠠᠭᠠᠴᠢᠯᠠᠭ᠎ᠠ ᠪᠠᠷ ᠤᠭ ᠲᠤᠭ ᠢ ᠮᠠᠨᠳᠤᠭᠤᠯᠬᠤ᠂ ᠴᠡᠩᠭᠡᠭᠦᠯᠬᠦ ᠶᠣᠰᠣᠯᠠᠯ ᠤᠨ ᠠᠷᠭ᠎ᠠ ᠬᠡᠮᠵᠢᠶ᠎ᠡ ᠶᠢ 2014 ᠣᠨ ᠠᠴᠠ ᠡᠬᠢᠯᠡᠨ ᠤᠯᠠᠮᠵᠢᠯᠠᠯ ᠪᠣᠯᠭᠠᠨ ᠲᠤᠭᠲᠠᠭᠠᠵᠠᠢ᠃ ᠴᠢᠩᠭᠢᠰ ᠬᠠᠭᠠᠨ ᠤ ᠶᠡᠬᠡ ᠬᠠᠷ᠎ᠠ ᠰᠦᠯᠳᠡ ᠶᠢ ︽ᠪᠠᠷᠠᠭᠤᠨ ᠬᠦᠷᠢᠶ᠎ᠡ ︾ ᠬᠡᠶᠢᠳ ᠲᠦ ᠲᠠᠬᠢᠳᠠᠭ ᠪᠠᠶᠢᠭᠰᠠᠨ ᠤᠯᠠᠮᠵᠢᠯᠠᠯ ᠢ ᠳᠠᠭᠠᠨ ᠮᠣᠩᠭᠣᠯ ᠤᠯᠤᠰ 1911 ᠣᠨ ᠳᠤ ᠲᠤᠰᠠᠭᠠᠷ ᠲᠣᠭᠲᠠᠨᠢᠯ ᠢᠶᠠᠨ ᠣᠯᠵᠤ ᠠᠪᠬᠤ ᠳᠤ ᠪᠠᠨ ᠲᠥᠷᠥ ᠶᠢᠨ ᠰᠢᠨ᠎ᠡ ᠲᠤᠭ ᠢᠶᠠᠨ ᠡᠨᠳᠡ ᠬᠠᠳᠠᠭᠠᠯᠠᠨ ᠦᠯᠡᠳᠡᠭᠡᠭᠰᠡᠨ ᠪᠠᠶᠢᠳᠠᠭ᠃
︽ᠱᠠᠩᠬᠤ ᠶᠢᠨ ᠬᠡᠶᠢᠳ︾ ᠪᠤᠶᠤ ︽ᠪᠠᠷᠠᠭᠤᠨ ᠬᠦᠷᠢᠶ᠎ᠡ︾ ᠬᠡᠶᠢᠳ ᠦᠨ ᠲᠤᠭᠤᠷᠢ ᠨᠢ ᠬᠠᠷᠠᠬᠣᠷᠢᠨ ᠰᠤᠮᠤ ᠶᠢᠨ ᠱᠠᠩᠬᠤ ᠪᠠᠭ ᠤᠨ ᠲᠥᠪ ᠡᠴᠡ ᠤᠷᠤᠭᠰᠢ᠂ 4 ᠺᠢᠯᠣᠮᠧᠲ᠋ᠷ ᠣᠷᠴᠢᠮ ᠵᠠᠢ ᠳᠤ ᠬᠠᠷᠠᠵᠨ ᠭᠣᠣᠯ ᠤᠨ ᠪᠠᠷᠠᠭᠤᠨ ᠡᠷᠭᠢ ᠳᠦ ︽ᠰᠠᠶᠢᠬᠠᠨ ᠪᠤᠯᠠᠭ ᠤᠨ ᠳᠡᠨᠵᠢ︾ ᠬᠡᠮᠡᠬᠦ ᠭᠠᠵᠠᠷ ᠣᠷᠣᠰᠢᠳᠠᠭ ᠶᠤᠮ᠃