ᠬᠡᠷᠡᠭᠯᠡᠭᠡᠨ ᠦ ᠵᠢᠭᠡᠯᠡ ᠶᠢ ᠬᠢᠵᠠᠭᠠᠷᠯᠠᠨ᠎ᠠ | News.MN

ᠬᠡᠷᠡᠭᠯᠡᠭᠡᠨ ᠦ ᠵᠢᠭᠡᠯᠡ ᠶᠢ ᠬᠢᠵᠠᠭᠠᠷᠯᠠᠨ᠎ᠠ

ᠮᠣᠩᠭᠣᠯ ᠪᠠᠩᠭᠢ ᠠᠴᠠ ᠪᠠᠲᠤᠯᠠᠭᠰᠠᠨ ᠰᠢᠨ᠎ᠡ ᠵᠢᠷᠤᠮ ᠤᠨ ᠳᠠᠭᠠᠤ ᠢᠷᠭᠡᠳ ᠦᠨ ᠠᠪᠬᠤ ᠬᠡᠷᠡᠭᠯᠡᠭᠡᠨ ᠦ ᠵᠢᠭᠡᠯᠡ ᠶᠢᠨ ᠳᠡᠭᠡᠳᠦ ᠬᠤᠭᠤᠴᠠᠭ᠎ᠠ ᠶᠢ 30 ᠰᠠᠷ᠎ᠠ ᠪᠠᠶᠢᠬᠤ ᠪᠠᠷ ᠲᠣᠭᠲᠠᠭᠠᠭᠰᠠᠨ᠃ ᠡᠨᠡ ᠵᠢᠷᠤᠮ ᠢ 2019 ᠣᠨ ᠤ ᠨᠢᠭᠡᠳᠦᠭᠡᠷ ᠰᠠᠷ᠎ᠠ ᠶᠢᠨ 1᠍ ᠡᠴᠡ ᠮᠥᠷᠳᠡᠵᠦ ᠡᠬᠢᠯᠡᠨ᠎ᠡ᠃ ᠮᠠᠨ ᠤ ᠤᠯᠤᠰ ᠤᠨ ᠡᠷᠦᠬᠡ ᠶᠢᠨ ᠨᠡᠶᠢᠲᠡ ᠥᠷᠢ ᠡᠮᠦᠨᠡᠬᠢ ᠣᠨ ᠤ ᠮᠥᠨ ᠦᠶ᠎ᠡ ᠡᠴᠡ 20 ᠬᠤᠪᠢ ᠪᠠᠷ ᠦᠰᠴᠦ᠂ 10587 ᠲᠡᠷᠪᠤᠮ ᠲᠥᠭᠥᠷᠢᠭ ᠲᠦ ᠬᠦᠷᠴᠡᠢ᠃ ᠡᠨᠡ ᠨᠢ ᠨᠡᠶᠢᠲᠡ ᠵᠢᠭᠡᠯᠡ ᠶᠢᠨ 57 ᠬᠤᠪᠢ ᠶᠢ ᠪᠦᠷᠢᠳᠦᠭᠦᠯᠵᠦ ᠪᠠᠶᠢᠨ᠎ᠠ᠃ ᠰᠢᠨ᠎ᠡ ᠪᠡᠷ ᠣᠯᠭᠤᠵᠤ ᠪᠤᠢ ᠴᠠᠯᠢᠩ ᠤᠨ ᠵᠢᠭᠡᠯᠡ ᠶᠢᠨ ᠬᠤᠭᠤᠴᠠᠭ᠎ᠠ 40 ᠰᠠᠷ᠎ᠠ ᠪᠠᠶᠢᠭ᠎ᠠ ᠨᠢ ᠢᠷᠭᠡᠳ ᠦᠨ ᠥᠷᠢ ᠶᠢᠨ ᠳᠠᠷᠤᠮᠲᠠ ᠶᠢ ᠥᠰᠬᠡᠵᠦ ᠪᠠᠶᠢᠭ᠎ᠠ ᠤᠴᠢᠷ ᠠᠴᠠ ᠮᠣᠩᠭᠣᠯ  ᠪᠠᠩᠬᠢᠨ ᠤ ᠮᠥᠩᠭᠥᠨ ᠦ ᠪᠣᠳᠣᠯᠭ᠎ᠠ ᠶᠢᠨ ᠬᠣᠷᠢᠶᠠᠨ ᠠᠴᠠ ᠢᠷᠭᠡᠳ ᠲᠦ ᠣᠯᠭᠣᠬᠤ ᠵᠢᠭᠡᠯᠡ ᠶᠢᠨ ᠬᠤᠭᠤᠴᠠᠭ᠎ᠠ ᠶᠢ ᠬᠠᠮᠤᠭ ᠤᠨ ᠶᠡᠬᠡ ᠳᠦ ᠪᠡᠨ 30 ᠰᠠᠷ᠎ᠠ ᠪᠠᠶᠢᠬᠤ ᠪᠠᠷ ᠰᠢᠢᠳᠪᠦᠷᠢᠯᠡᠭᠰᠡᠨ᠃ ᠥᠭᠡᠷ᠎ᠡ ᠪᠡᠷ ᠬᠡᠯᠡᠪᠡᠯ ᠢᠷᠭᠡᠳ ᠲᠠᠲᠠᠪᠤᠷᠢ ᠶᠢᠨ ᠳᠠᠷᠠᠭᠠᠬᠢ ᠣᠷᠣᠯᠭ᠎ᠠ ᠶᠢᠨ ᠢᠶᠠᠨ ᠬᠠᠮᠤᠭ ᠤᠨ ᠶᠡᠬᠡ ᠳᠦ ᠪᠡᠨ 70  ᠬᠤᠪᠢ ᠶᠢ ᠵᠢᠭᠡᠯᠡ ᠶᠢᠨ ᠦᠨᠳᠦᠰᠦᠨ ᠪᠣᠯᠤᠨ ᠬᠦᠦ ᠶᠢᠨ ᠲᠥᠯᠥᠪᠦᠷᠢ ᠳᠦ ᠲᠥᠯᠦᠨ᠎ᠡ ᠭᠡᠰᠡᠨ ᠦᠭᠡ᠃ ᠡᠳᠡᠭᠡᠷ ᠰᠢᠢᠳᠪᠦᠷᠢ ᠨᠦᠭᠦᠳ ᠨᠢ ᠢᠷᠭᠡᠳ ᠣᠷᠣᠯᠭ᠎ᠠ ᠶᠢᠨ ᠢᠶᠠᠨ ᠲᠣᠳᠣᠷᠬᠠᠢ ᠬᠤᠪᠢ ᠶᠢ ᠠᠮᠢᠵᠢᠷᠠᠭᠠᠨ ᠤ ᠪᠠᠨ ᠨᠠᠭᠠᠳᠤ ᠵᠠᠬ᠎ᠠ ᠶᠢᠨ ᠬᠡᠷᠡᠭᠴᠡᠭᠡ ᠶᠢ ᠬᠠᠩᠭᠠᠬᠤ ᠳᠤ ᠵᠠᠷᠤᠴᠠᠭᠤᠯᠬᠤ᠂ ᠡᠷᠦᠬᠡ ᠶᠢᠨ ᠥᠷᠢ ᠶᠢᠨ ᠳᠠᠷᠤᠮᠲᠠ ᠶᠢ ᠴᠢᠨᠠᠭᠰᠢᠳᠠ ᠨᠡᠮᠡᠭᠳᠡᠭᠦᠯᠬᠦ ᠦᠭᠡᠢ ᠪᠠᠶᠢᠬᠤ᠂ ᠪᠠᠩᠬᠢᠨ ᠤ ᠰᠠᠯᠪᠤᠷᠢ ᠳᠤ ᠡᠷᠡᠰᠳᠡᠯ ᠬᠤᠷᠠᠮᠲᠤᠯᠠᠭᠳᠠᠬᠤ ᠠᠴᠠ ᠰᠡᠷᠭᠡᠶᠢᠯᠡᠬᠦ ᠳᠦ ᠴᠢᠬᠤᠯᠠ ᠨᠦᠯᠦᠭᠡ ᠲᠡᠢ ᠡᠴᠡ ᠭᠠᠳᠠᠨ᠎ᠠ ᠬᠥᠷᠥᠩᠭᠡ ᠣᠷᠣᠭᠤᠯᠤᠯᠲᠠ ᠶᠢ ᠨᠡᠮᠡᠭᠳᠡᠭᠦᠯᠬᠦ᠂ ᠠᠵᠢᠯ ᠤᠨ ᠪᠠᠶᠢᠷᠢ ᠶᠢ ᠨᠡᠮᠡᠭᠳᠡᠭᠦᠯᠬᠦ ᠪᠢᠽᠢᠨᠧᠰ ᠤᠨ ᠵᠢᠭᠡᠯᠡ ᠶᠢᠨ ᠨᠡᠶᠢᠯᠡᠭᠦᠯᠦᠯᠲᠡ ᠶᠢ ᠨᠡᠮᠡᠭᠳᠡᠭᠦᠯᠬᠦ ᠳᠦ ᠡᠶᠡᠷᠭᠦ ᠨᠥᠯᠥᠭᠡ ᠲᠡᠢ ᠭᠡᠵᠦ ᠮᠤᠩᠭᠤᠯ  ᠪᠠᠩᠭᠢ ᠦᠵᠡᠵᠡᠢ᠃
ᠡᠨᠡᠬᠦ ᠰᠢᠢᠳᠪᠦᠷᠢ ᠨᠢ ᠢᠫᠣᠲ᠋ᠧᠺ ᠤᠨ ᠵᠢᠭᠡᠯᠡ ᠡᠴᠡ ᠪᠤᠰᠤᠳ ᠢᠷᠭᠡᠳ ᠦᠨ ᠵᠢᠭᠡᠯᠡ ᠳᠦ ᠬᠠᠮᠢᠶᠠᠷᠬᠤ ᠶᠤᠮ᠃ ᠪᠠᠩᠬᠢ ᠨᠤᠭᠤᠳ ᠤᠨ ᠢᠷᠭᠡᠳ ᠦᠨ ᠵᠢᠭᠡᠯᠡ ᠶᠢᠨ ᠳᠤᠮᠳᠠᠴᠢ ᠬᠤᠭᠤᠴᠠᠭ᠎ᠠ 27 ᠰᠠᠷ᠎ᠠ ᠪᠤᠶᠤ ᠳᠡᠶᠢᠯᠦᠩᠬᠢ ᠢᠷᠭᠡᠨ 30 ᠰᠠᠷ᠎ᠠ ᠠᠴᠠ ᠪᠠᠭ᠎ᠠ ᠬᠤᠭᠤᠴᠠᠭ᠎ᠠ ᠲᠠᠢ ᠵᠢᠭᠡᠯᠡ ᠲᠡᠢ᠃ ᠲᠡᠳᠬᠦᠪᠦᠷᠢ ᠶᠢᠨ᠂ ᠮᠠᠯᠴᠢᠨ ᠤ  ᠵᠢᠭᠡᠯᠡ ᠨᠦᠭᠦᠳ ᠬᠣᠶᠠᠷ ᠵᠢᠯ ᠡᠴᠡ ᠪᠠᠭ᠎ᠠ ᠬᠤᠭᠤᠴᠠᠭ᠎ᠠ ᠲᠠᠢ ᠪᠠᠶᠢᠨ᠎ᠠ᠃ ᠡᠶᠢᠮᠦ ᠡᠴᠡ ᠡᠨᠡ ᠰᠢᠢᠳᠪᠦᠷᠢ ᠣᠳᠣ ᠶᠢᠨ ᠣᠯᠭᠣᠭᠳᠠᠵᠤ ᠪᠠᠶᠢᠭ᠎ᠠ ᠢᠷᠭᠡᠳ ᠦᠨ ᠵᠢᠭᠡᠯᠡ ᠳᠦ ᠲᠡᠳᠦᠶᠢᠯᠡᠨ ᠨᠥᠯᠥᠭᠡᠯᠡᠬᠦ ᠦᠭᠡᠢ ᠬᠠᠷᠢᠨ ᠴᠤ ᠡᠷᠦᠬᠡ ᠶᠢ ᠦᠷᠢ ᠶᠢᠨ ᠳᠠᠷᠤᠮᠲᠠ ᠳᠤ ᠤᠷᠤᠬᠤ᠂ ᠡᠳ᠋  ᠦᠨ ᠵᠠᠰᠠᠭ ᠤᠨ ᠡᠷᠡᠰᠳᠡᠯ ᠡᠴᠡ ᠰᠡᠷᠭᠡᠶᠢᠯᠡᠬᠦ ᠠᠴᠢ ᠬᠣᠯᠪᠣᠭᠳᠠᠯ ᠲᠠᠢ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ