ᠡᠨᠡ ᠰᠠᠷ᠎ᠠ ᠶᠢᠨ 23 ᠤ ᠡᠳᠦᠷ ᠶᠠᠪᠤᠭᠳᠠᠭᠰᠠᠨ ᠨᠡᠮᠡᠭᠳᠡᠭᠰᠡᠨ ᠦᠷᠲᠡᠭ ᠦᠨ ᠠᠯᠪᠠᠨ ᠲᠠᠲᠠᠪᠤᠷᠢ ᠶᠢᠨ ᠰᠤᠭᠤᠯᠤᠭᠠᠨ ᠤ ᠲᠣᠬᠢᠷᠠᠯ ᠢᠶᠠᠷ ᠬᠡᠨᠲᠡᠢ ᠠᠶᠢᠮᠠᠭ ᠠᠴᠠ 264 ᠢᠷᠭᠡᠨ ᠠᠵᠠᠲᠠᠨ ᠪᠣᠯᠤᠭᠰᠠᠨ ᠪᠠᠶᠢᠨ᠎ᠠ ᠃ ᠤᠯᠤᠰ ᠤᠨ ᠬᠡᠮᠵᠢᠶᠡᠨ ᠳᠦ 24761 ᠢᠷᠭᠡᠨ ᠠᠵᠠᠲᠠᠨ ᠪᠣᠯᠵᠠᠢ᠃ ᠲᠣᠳᠣᠷᠠᠭᠤᠯᠪᠠᠯ᠂ 50 ᠮᠢᠩᠭᠠᠨ ᠲᠥᠭᠥᠷᠢᠭ ᠦᠨ ᠠᠵᠠᠲᠠᠨ 22463᠂ 200 ᠮᠢᠩᠭᠠᠨ ᠲᠥᠭᠥᠷᠢᠭ ᠦᠨ ᠠᠵᠠᠲᠠᠨ 2073᠂ ᠨᠢᠭᠡ ᠰᠠᠶ᠎ᠠ ᠲᠥᠭᠥᠷᠢᠭ ᠦᠨ 198 ᠂ 5 ᠰᠠᠶ᠎ᠠ ᠲᠥᠭᠥᠷᠢᠭ ᠦᠨ ᠠᠵᠠᠲᠠᠨ 25᠂ 10 ᠰᠠᠶ᠎ᠠ ᠲᠥᠭᠥᠷᠢᠭ ᠦᠨ ᠠᠵᠠᠲᠠᠨ 2 ᠲᠣᠳᠣᠷᠠᠵᠠᠢ᠃ 200 ᠰᠠᠶ᠎ᠠ ᠲᠥᠭᠥᠷᠢᠭ ᠦᠨ ᠱᠠᠩᠨᠠᠯ ᠤᠨ ᠰᠠᠩ ᠲᠠᠢ ᠰᠦᠫᠸᠷ ᠰᠤᠭᠤᠯᠤᠭᠠᠨ ᠤ ᠲᠣᠬᠢᠷᠠᠯ ᠳᠤ 86333238 ᠳ᠋ᠤᠭᠠᠷ ᠲᠣᠳᠣᠷᠠᠭᠰᠠᠨ ᠴᠤ ᠠᠵᠠᠲᠠᠨ ᠲᠣᠳᠣᠷᠠᠭᠰᠠᠨ ᠦᠭᠡᠢ᠃