2018 ᠣᠨ ᠤ ᠰᠢᠯᠢᠳᠡᠭ ᠨᠣᠮ ᠤᠳ ᠢ ᠨᠡᠷᠡᠯᠡᠵᠡᠢ | News.MN

2018 ᠣᠨ ᠤ ᠰᠢᠯᠢᠳᠡᠭ ᠨᠣᠮ ᠤᠳ ᠢ ᠨᠡᠷᠡᠯᠡᠵᠡᠢ

ᠪᠢᠽᠢᠨᠧᠰ ᠦᠨ ᠰᠠᠯᠪᠤᠷᠢ ᠳᠤ ᠲᠡᠷᠢᠭᠦᠯᠡᠭᠴᠢᠳ 2018 ᠣᠨ ᠳᠤ ᠶᠠᠮᠠᠷ ᠨᠣᠮ ᠢ ᠰᠢᠮᠡᠳᠦᠨ ᠤᠩᠰᠢᠭᠰᠠᠨ ᠲᠤᠬᠠᠢ Bloomberg ᠠᠭᠧᠨᠲᠯᠢᠭ ᠮᠡᠳᠡᠭᠡᠯᠡᠪᠡ᠃ ᠡᠨᠡ ᠣᠨ ᠤ ᠰᠢᠯᠢᠳᠡᠭ ᠨᠣᠮ ᠢ ᠲᠣᠳᠣᠷᠠᠭᠤᠯᠬᠤ ᠶᠢᠨ ᠲᠤᠯᠠᠳᠠ ᠪᠢᠽᠢᠨᠧᠰ ᠦᠨ ᠰᠠᠯᠪᠤᠷᠢ ᠶᠢᠨ ᠣᠯᠠᠨ ᠠᠷᠪᠠᠨ ᠮᠠᠩᠯᠠᠶᠢᠯᠠᠭᠴᠢ ᠶᠢᠨ ᠳᠤᠮᠳᠠ ᠰᠠᠨᠠᠯ ᠠᠰᠠᠭᠤᠯᠭ᠎ᠠ ᠶᠠᠪᠤᠭᠤᠯᠤᠭᠰᠠᠨ ᠪᠠᠶᠢᠨ᠎ᠠ᠃ 2018 ᠣᠨ ᠤ ᠰᠢᠯᠢᠳᠡᠭ ᠨᠣᠮ ᠤᠨ ᠵᠢᠭᠰᠠᠭᠠᠯᠲᠠ ᠶᠢ The Coddling of the American Mind ᠨᠣᠮ ᠲᠡᠷᠢᠭᠦᠯᠡᠵᠡᠢ᠃ Warby Parker ᠺᠣᠮᠫᠠᠨᠢ ᠶᠢᠨ ᠭᠦᠢᠴᠡᠳᠭᠡᠬᠦ ᠵᠠᠬᠢᠷᠤᠯ ᠨᠢᠯ ᠪᠯᠢᠶᠤᠮᠸᠨᠲ᠋ᠠᠯᠢ ᠬᠡᠯᠡᠬᠦ ᠳᠦ ᠪᠡᠨ᠂ ᠡᠨᠡ ᠨᠣᠮ ᠢ ᠤᠩᠰᠢᠭᠰᠠᠨ ᠤ ᠳᠠᠷᠠᠭ᠎ᠠ ᠭᠦᠢᠴᠡᠳᠭᠡᠬᠦ ᠵᠠᠬᠢᠷᠤᠯ ᠪᠣᠯᠤᠨ ᠡᠴᠢᠭᠡ ᠬᠦᠮᠦᠨ ᠦ ᠬᠤᠪᠢ ᠪᠠᠷ ᠥᠪᠡᠷ ᠦᠨ ᠦᠢᠯᠡᠳᠦᠯ ᠢᠶᠡᠨ ᠡᠷᠭᠢᠴᠡᠭᠦᠯᠦᠨ ᠪᠣᠳᠣᠬᠤ ᠳᠤ ᠬᠦᠷᠦᠭᠰᠡᠨ ᠭᠡᠵᠡᠢ᠃ ᠬᠠᠷᠢᠨ KKR ᠺᠣᠮᠫᠠᠨᠢ ᠶᠢᠨ ᠵᠠᠬᠢᠷᠤᠯ ᠬᠧᠨ᠋ᠷᠢ ᠺᠷᠠᠪᠢᠰ ᠡᠨᠡ ᠨᠤᠮ ᠤᠨ ᠲᠤᠬᠠᠢ ᠬᠡᠯᠡᠬᠦ ᠳᠦ ᠪᠡᠨ᠂ ᠥᠨᠥ ᠶᠢᠨ ᠵᠠᠯᠠᠭᠤᠴᠤᠳ ᠤᠨ ᠲᠠᠯ᠎ᠠ ᠪᠠᠷ ᠭᠠᠶᠢᠬᠠᠯᠲᠠᠢ ᠳᠦᠷᠰᠦᠯᠡᠭᠰᠡᠨ ᠬᠡᠮᠡᠨ ᠣᠨᠴᠠᠯᠠᠭᠰᠠᠨ ᠪᠠᠶᠢᠨ᠎ᠠ᠃ ᠰᠢᠯᠢᠳᠡᠭ ᠨᠣᠮ ᠤᠳ ᠤᠨ ᠵᠢᠭᠰᠠᠭᠠᠯᠲᠠ ᠳᠤ Bad Blood  ᠨᠣᠮ ᠮᠥᠨ ᠪᠠᠭᠲᠠᠭᠰᠠᠨ ᠪᠠᠶᠢᠨ᠎ᠠ᠃ ᠲᠤᠰ  ᠨᠤᠮ ᠳᠤ ᠴᠢᠰᠤᠨ ᠤ ᠰᠢᠨᠵᠢᠯᠡᠭᠡ ᠬᠢᠬᠦ ᠦᠢᠯᠡᠴᠢᠯᠡᠭᠡ ᠶᠠᠪᠤᠭᠤᠯᠳᠠᠭ ᠰᠢᠨ᠎ᠡ ᠪᠡᠷ ᠪᠠᠶᠢᠭᠤᠯᠤᠭᠳᠠᠭᠰᠠᠨ Theranos ᠺᠣᠮᠫᠠᠨᠢ ᠶᠢᠨ ᠥᠰᠦᠯᠲᠡ᠂ ᠤᠨᠠᠯᠲᠠ ᠶᠢᠨ ᠲᠤᠬᠠᠢ ᠦᠭᠦᠯᠡᠳᠡᠭ ᠃

2018 ᠣᠨ ᠤ ᠰᠢᠯᠢᠳᠡᠭ ᠨᠣᠮ  ᠤᠨ ᠡᠬᠢᠨ ᠦ 10 ᠪᠠᠶᠢᠷᠢ ᠳᠤ᠄ The Coddling of the American Mind ᠂Educated ᠂ Leonardo da Vinci ᠂ Refugee ᠂ Grant ᠂ Hit Refresh ᠂  High Growth Handbook ᠂ Our Towns: A 100,000-Mile Journey Into the Heart of America ᠂ Stubborn Attachments: A Vision for a Society of Free, Prosperous, and Responsible Individuals ᠂  Factfulness᠄ Ten Reasons We〈re Wrong About the World – and Why Things Are Better Than You Think ᠭᠡᠬᠦ  ᠵᠡᠷᠭᠡ ᠨᠤᠮ ᠤᠳ ᠤᠷᠤᠭᠰᠠᠨ ᠃

ᠰᠡᠳᠬᠢᠭᠳᠡᠯ ᠦᠯᠡᠳᠡᠭᠡᠬᠦ