ᠳᠡᠯᠡᠬᠡᠢ ᠶᠢᠨ ᠪᠠᠶᠢᠭᠠᠯᠢ ᠬᠠᠮᠠᠭᠠᠯᠠᠬᠤ ᠰᠠᠩ ᠤᠨ ᠮᠣᠩᠭᠣᠯ ᠳ᠋ᠡᠬᠢ ᠬᠥᠲᠥᠯᠪᠦᠷᠢ ᠡᠴᠡ ᠮᠣᠩᠭᠣᠯ ᠤᠯᠤᠰ ᠤᠨ ᠶᠡᠬᠡ ᠰᠤᠷᠭᠠᠭᠤᠯᠢ ᠪᠣᠯᠤᠨ ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠪᠢᠣᠯᠣᠭᠢ ᠶᠢᠨ ᠬᠦᠷᠢᠶᠡᠯᠡᠩ ᠦᠨ ᠮᠡᠷᠭᠡᠵᠢᠯᠲᠡᠨ ᠨᠦᠭᠦᠳ ᠲᠡᠢ ᠬᠠᠮᠲᠤᠷᠠᠨ ᠮᠠᠨ ᠤ ᠤᠯᠤᠰ ᠦᠨ ᠢᠷᠪᠢᠰ ᠦᠨ ᠲᠣᠭ᠎ᠠ ᠲᠣᠯᠣᠭᠠᠢ ᠶᠢ ᠰᠤᠳᠤᠯᠤᠨ ᠲᠣᠭᠲᠠᠭᠠᠬᠤ ᠪᠠᠷ ᠠᠵᠢᠯᠯᠠᠵᠤ ᠪᠠᠶᠢᠨ᠎ᠠ᠃ 2000-2002 ᠣᠨ ᠳᠤ ᠬᠢᠭᠰᠡᠨ ᠲᠣᠭᠠᠯᠠᠯᠭ᠎ᠠ ᠪᠠᠷ 500-1000 ᠴᠣᠬᠣᠷ ᠢᠷᠪᠢᠰ ᠪᠠᠶᠢᠨ᠎ᠠ ᠬᠡᠮᠡᠨ ᠲᠤᠭᠲᠠᠭᠠᠵᠠᠢ᠃ ᠣᠳᠣ ᠭᠠᠷᠬᠤ ᠳ᠋ᠦᠩ ᠮᠣᠩᠭᠣᠯ ᠤᠯᠤᠰ ᠢ ᠲᠡᠳᠦᠢ ᠦᠭᠡᠢ ᠳᠡᠯᠡᠬᠡᠢ ᠶᠢ ᠭᠠᠶᠢᠬᠠᠰᠢᠷᠠᠭᠤᠯᠬᠤ ᠲᠣᠭ᠎ᠠ ᠭᠠᠷᠤᠨ᠎ᠠ ᠭᠡᠳᠡᠭ ᠲᠦ ᠨᠠᠶᠢᠳᠠᠵᠤ ᠪᠠᠶᠢᠭ᠎ᠠ ᠪᠠᠨ ᠳᠡᠯᠡᠬᠡᠢ ᠶᠢᠨ ᠪᠠᠶᠢᠭᠠᠯᠢ ᠬᠠᠮᠠᠭᠠᠯᠠᠬᠤ ᠰᠠᠩ ᠤᠨ ᠮᠣᠩᠭᠣᠯ ᠤᠯᠤᠰ ᠳᠠᠬᠢ ᠬᠥᠲᠥᠯᠪᠦᠷᠢ ᠶᠢᠨ ᠬᠢᠨ ᠦᠵᠡᠵᠦ ᠪᠠᠶᠢᠨ᠎ᠠ᠃ ᠲᠣᠭᠠᠯᠠᠯᠭ᠎ᠠ ᠶᠢ ᠣᠯᠠᠨ ᠤᠯᠤᠰ ᠤᠨ ᠰᠢᠨ᠎ᠡ ᠠᠷᠭᠠᠴᠢᠯᠠᠯ ᠢᠶᠠᠷ ᠬᠢᠵᠦ ᠪᠠᠶᠢᠭ᠎ᠠ ᠪᠥᠭᠡᠳ ᠲᠣᠭᠠᠯᠠᠯᠭ᠎ᠠ ᠶᠢᠨ ᠬᠦᠷᠢᠶᠡᠨ ᠳᠦ ᠮᠠᠨ ᠤ ᠤᠯᠤᠰ ᠤᠨ ᠬᠡᠮᠵᠢᠶᠡᠨ ᠳᠦ 13 ᠪᠠᠭ ᠠᠵᠢᠯᠯᠠᠵᠤ ᠪᠠᠶᠢᠭ᠎ᠠ ᠠᠵᠠᠢ᠃ ︽ᠲᠣᠭᠠᠯᠠᠯᠭ᠎ᠠ ᠶᠢᠨ ᠶᠠᠪᠤᠴᠠ ᠳᠤ ᠴᠣᠬᠣᠷ ᠢᠷᠪᠢᠰ ᠨᠢ ᠮᠣᠩᠭᠣᠯ ᠤᠨ ᠬᠠᠮᠢᠭ᠎ᠠ ᠬᠠᠮᠢᠭ᠎ᠠ ᠪᠠᠶᠢᠭ᠎ᠠ ᠶᠢ ᠲᠣᠭᠲᠠᠭᠠᠬᠤ ᠪᠠᠷ ᠥᠨᠳᠥᠷ ᠠᠭᠤᠯᠠᠰ ᠤᠨ ᠡᠺᠣ ᠰᠢᠰᠲ᠋ᠧᠮ ᠢ ᠰᠣᠩᠭᠣᠵᠤ ᠠᠪᠤᠨ ᠡᠷᠳᠡᠮᠲᠡᠨ ᠰᠤᠳᠤᠯᠤᠭᠠᠴᠢᠳ ᠤᠨ ᠪᠠᠭ ᠠᠵᠢᠯᠯᠠᠵᠤ ᠪᠠᠶᠢᠨ᠎ᠠ᠃ ᠲᠣᠭᠠᠯᠠᠯᠭ᠎ᠠ ᠶᠢᠨ ᠨᠢᠭᠡᠳᠦᠭᠰᠡᠨ ᠳ᠋ᠦᠩ ᠢᠶᠡᠨ ᠢᠷᠡᠬᠦ ᠣᠨ ᠤ 5 ᠳ᠋ᠤᠭᠠᠷ ᠰᠠᠷ᠎ᠠ ᠳᠤ ᠭᠠᠷᠭᠠᠬᠤ ᠪᠠᠷ ᠲᠥᠯᠥᠪᠯᠡᠵᠦ ᠪᠠᠶᠢᠨ᠎ᠠ᠃ ᠴᠣᠬᠣᠷ ᠢᠷᠪᠢᠰ ᠳᠡᠯᠡᠬᠡᠢ ᠶᠢᠨ ᠬᠡᠮᠵᠢᠶᠡᠨ ᠳᠦ 12 ᠤᠯᠤᠰ ᠲᠤ ᠪᠠᠶᠢᠳᠠᠭ᠃ ᠮᠠᠨ ᠤ ᠤᠯᠤᠰ ᠴᠣᠬᠣᠷ ᠢᠷᠪᠢᠰ ᠦᠨ ᠲᠣᠭ᠎ᠠ ᠲᠣᠯᠣᠭᠠᠢ ᠪᠠᠷ ᠳᠡᠯᠡᠬᠡᠢ ᠳᠦ ᠬᠣᠶᠠᠳᠤᠭᠠᠷ ᠲᠤ ᠣᠷᠣᠳᠠᠭ ᠪᠠᠶᠢᠨ᠎ᠠ᠃